ᠡᠬᠡ ᠬᠡᠯᠡ – ᠭᠠᠩᠲᠡᠮᠦᠷ Эх хэл – — Гантөмөр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡ – ᠭᠠᠩᠲᠡᠮᠦᠷ Эх хэл – — Гантөмөр

ᠡᠬᠡ ᠬᠡᠯᠡ – ᠭᠠᠩᠲᠡᠮᠦᠷ Эх хэл – — Гантөмөр

2023-02-22

638

ᠡᠬᠡ ᠬᠡᠯᠡ


            ᠪᠠᠷᠭᠤ ᠮᠠᠯᠴᠢᠨ  — ᠭᠠᠩᠲᠡᠮᠦᠷ
 
 ᠠᠯᠲᠠᠨ ᠳᠡᠯᠡᠬᠡᠢ ‍ᠳᠦ ᠬᠥᠮᠦᠨ ᠭᠡᠵᠦ ᠲᠥᠷᠥᠬᠦ ᠡᠴᠡ
 ᠠᠪᠤ ᠭᠡᠵᠦ ᠳᠠᠭᠤᠳᠠᠭᠰᠠᠨ ᠡᠬᠡ ᠬᠡᠯᠡ
 ᠠᠩᠬ᠎ᠠ ᠦᠰᠦᠭ ᠨᠢᠲᠦᠯᠡᠬᠦ  ᠡᠴᠡ
 ᠠ ᠭᠡᠵᠦ ᠡᠭᠡᠰᠢᠭᠯᠡᠭᠰᠡᠨ ᠡᠬᠡ ᠬᠡᠯᠡ

 ᠡᠨᠡ ᠶᠢᠷᠲᠢᠨᠴᠦ ‍ᠳᠦ ᠵᠠᠶᠠᠭᠠᠭᠰᠠᠨ ᠠ᠋ᠴᠠ
 ᠡᠵᠢ ᠭᠡᠵᠦ ᠦᠭᠡ ᠰᠤᠷᠤᠭᠰᠠᠨ ᠡᠬᠡ ᠬᠡᠯᠡ
 ᠡᠷᠲᠡᠮ ᠦ᠋ᠨ ᠮᠥᠷ ᠊ᠢ ᠮᠥᠰᠬᠢᠬᠦ ‍ᠳᠦ
 ᠡ ᠭᠡᠵᠦ ᠦᠰᠦᠭᠯᠡᠭᠰᠡᠨ ᠡᠬᠡ ᠬᠡᠯᠡ

 ᠬᠣᠨᠢ ᠬᠤᠷᠠᠬ᠋᠎ᠠ ᠶ᠋ᠢᠨ ᠮᠠᠶ᠋ᠢᠯᠠᠬ᠋᠎ᠠ ᠶ᠋ᠢᠨ ᠳᠤᠮᠳᠠ
 ᠲᠣᠭᠯᠠᠵᠤ ᠨᠠᠭᠠᠤᠠᠴᠤ ᠪᠠᠶ᠋ᠢᠬᠤ ᠳ᠋ᠠᠭᠠᠨ
 ᠲᠣᠶ᠋ᠢᠬ ᠦ᠋ᠨ ᠳᠠᠭᠤᠤ ᠲᠠᠢ ᠡᠬᠡ ᠬᠡᠯᠡ ᠃
 ᠬᠤᠷᠲᠤᠨ ᠬᠦᠯᠦᠭ ᠦ᠋ᠨ ᠨᠢᠷᠤᠭᠤᠨ ‍ᠳᠦ ᠨᠢᠰᠬᠡᠬᠦ ‍ᠳᠦ
 ᠲᠣᠭᠣᠰᠣᠨ ᠰᠤᠭᠤᠨᠠᠭ ᠦ᠋ᠨ ᠳᠤᠮᠳᠠ 
 ᠬᠦᠦᠬᠡᠢ ᠶ᠋ᠢᠨ ᠳᠠᠭᠤᠤ ᠲᠠᠢ ᠡᠬᠡ ᠬᠡᠯᠡ ᠃

 ᠳᠠᠯᠠᠢ ᠶᠡᠬᠡ ᠨᠠᠭᠠᠲᠤᠮ ᠦ᠋ᠨ ᠲᠠᠯᠠᠪᠠᠢ ‍ᠳᠦ
 ᠪᠥᠬᠡ ᠶ᠋ᠢᠨ ᠤᠷᠢᠶ᠎ᠠ ᠲᠠᠢ ᠡᠬᠡ ᠬᠡᠯᠡ
 ᠲᠠᠩᠰᠤᠭ ᠰᠠᠶ᠋ᠢᠬᠠᠨ ᠨᠠᠶ᠋ᠢᠷ ᠦ᠋ᠨ ᠰᠢᠷᠡᠭᠡᠨ ‍ᠳᠦ
 ᠪᠥᠵᠢᠭ ᠂ ᠨᠠᠶ᠋ᠢᠷᠠᠭ ᠂ ᠳᠠᠭᠤᠤ ᠲᠠᠢ ᠡᠬᠡ ᠬᠡᠯᠡ ᠃

 ᠲᠡᠦᠬᠡ ᠴᠠᠲᠢᠬ ᠦ᠋ᠨ ᠬᠠᠭᠤᠲᠠᠰᠤᠨ ‍ᠳᠦ
 ᠪᠢᠴᠢᠭᠯᠡᠵᠦ ᠦᠯᠡᠳᠡᠭᠡᠭᠰᠡᠨ ᠡᠬᠡ ᠬᠡᠯᠡ
 ᠳᠠᠶᠠᠩ ᠳᠡᠯᠡᠬᠡᠢ ᠭᠦᠷᠦᠨ ᠨᠤᠭᠦᠳ ᠲᠦ
 ᠪᠢᠯᠢᠭ ᠶ᠋ᠢᠡᠨ ᠭᠠᠶ᠋ᠢᠬᠠᠭᠤᠯᠤᠭᠰᠠᠨ ᠡᠬᠡ ᠬᠡᠯᠡ

 ᠡᠪᠦᠭᠡ ᠳᠡᠭᠡᠳᠦ ᠶ᠋ᠢᠨ ᠦᠶ᠎ᠡ ᠡᠴᠡ ᠪᠡᠨ
 ᠥᠪᠯᠡᠵᠦ ᠤᠯᠠᠮᠵᠢᠯᠠᠭᠰᠠᠨ ᠡᠬᠡ ᠬᠡᠯᠡ
 ᠦᠶ᠎ᠡ ᠶ᠋ᠢᠨ ᠦᠶ᠎ᠡ ᠳ᠋ᠡᠭᠡᠨ
 ᠥᠮᠴᠢᠯᠡᠬᠦ ᠶᠣᠰᠣ ᠲᠠᠢ ᠡᠬᠡ ᠬᠡᠯᠡ ᠃

             2023.2.21

        ᠦᠰᠦᠭ ᠠᠮᠢᠯᠠᠭᠤᠯᠤᠭᠴᠢ —  ᠪᠠᠯᠵᠢ
          ᠬᠢᠨᠠᠭᠴᠢ ᠪᠠᠭᠰᠢ —   ᠪᠠᠶᠠᠷᠴᠡᠴᠡᠭ