ᠣᠷᠴᠢᠯᠠᠩ ᠳᠦ - ᠷ ᠂ ᠴᠣᠢᠨᠣᠮ Орчлонд - Р . Чойном
ᠣᠷᠴᠢᠯᠠᠩ ᠳᠦ
ᠣᠷᠴᠢᠯᠠᠩ ᠳᠤ
ᠣᠯᠠᠨ ᠬᠥᠮᠦᠨ ᠮᠡᠨᠲᠦᠯᠡᠵᠦ
ᠣᠷᠴᠢᠯᠠᠩ ᠊ᠢ
ᠣᠯᠠᠨ ᠬᠥᠮᠦᠨ ᠭᠡᠲᠦᠯᠵᠦ
ᠣᠷᠣᠯᠬ᠋ᠠ ᠵᠠᠷᠤᠯᠬ᠋ᠠ ᠬᠣᠶᠠᠷ ᠰᠢᠭ᠋
ᠤᠷᠭᠤᠵᠤ ᠮᠥᠬᠥᠬᠦ ᠬᠣᠶᠠᠷ
ᠠᠮᠤᠰᠬᠢᠬᠦ ᠦᠭᠡᠢ
ᠠᠯᠬᠤᠯᠠᠬᠤ ᠶᠤᠮ ᠳ᠋ᠠ !
ᠳᠠᠩᠴᠤ ᠭᠠᠷᠤᠵᠠ ᠲᠠᠢ ᠬᠥᠮᠦᠰ
ᠳᠠᠷᠠᠬ᠋᠎ᠠ ᠳᠠᠷᠠᠬ᠋᠎ᠠ ᠪᠠᠷ ᠶ᠋ᠢᠠᠨ ᠶᠠᠪᠤᠴᠢᠬᠠᠬᠤ ᠶᠤᠮ
ᠤᠭᠲᠤ ᠬᠡᠷᠡᠭ ᠦᠭᠡᠢ ᠬᠥᠮᠦᠰ ᠴᠥ᠍
ᠣᠯᠠᠨ ᠮᠢᠩᠬ᠋᠎ᠠ ᠪᠠᠷ ᠶ᠋ᠢᠠᠨ ᠲᠥᠷᠥᠬᠦ ᠶᠤᠮ
ᠦᠬᠦᠬᠦ ᠴᠦ᠍ ᠶᠠᠭᠠᠮᠠᠢ ᠂ ᠲᠥᠷᠥᠬᠦ ᠶ᠋ᠢ ᠯᠠ
ᠦᠷ᠎ᠡ ᠳ᠋ᠦ᠋ᠩ ᠲᠡᠢ ᠪᠣᠯᠭᠠᠮᠠᠷ ᠶᠤᠮ ᠃
1966.7.21
ᠦᠰᠦᠭ ᠠᠮᠢᠯᠠᠭᠤᠯᠤᠭᠴᠢ ᠄ ᠪᠠᠶᠠᠷᠰᠡᠷᠡᠩ
