ᠳᠡᠭᠵᠢᠨ ᠪᠦᠰᠡᠭᠦᠢ ᠶ᠋ᠢᠨ ᠴᠦᠩᠬᠦᠡ ᠳᠦ – ᠷ · ᠴᠣᠢᠨᠣᠮ Дэгжин бүсгүйн цүнүнд – Р· Чойном
ᠳᠡᠭᠵᠢᠨ ᠪᠦᠰᠡᠭᠦᠢ ᠶ᠋ᠢᠨ ᠴᠦᠩᠬᠦᠡ ᠳᠦ
ᠳᠡᠭᠵᠢᠨ ᠪᠦᠰᠡᠭᠦᠢ ᠶ᠋ᠢᠨ ᠴᠦᠩᠬᠦᠡ ᠳᠦ
ᠳᠡᠪᠲᠡᠷ ᠬᠠᠷᠠᠡᠳᠠ ᠪᠠᠶ᠋ᠢᠬᠤ ᠦᠭᠡᠢ !
ᠦᠨᠡᠡᠴᠢ ᠨᠥᠬᠥᠷ ᠦᠨ ᠬᠢᠨᠢ ᠵᠦᠳᠡᠷᠡᠯ —
ᠥᠷ᠎ᠠ ᠳ᠋ᠦ᠋ᠩ ᠦᠭᠡᠢ ᠵᠢᠳᠬᠦᠯ ᠃
ᠣᠷᠣᠢ ᠶ᠋ᠢᠨ ᠪᠥᠵᠢᠭ ᠲᠡᠬᠡᠷ᠎ᠠ ᠬᠡᠬᠡᠬᠳᠡᠬᠦ
ᠣᠩᠭᠣᠨ ᠤᠯᠠᠭᠠᠨ ᠵᠢᠷᠦᠬᠡ ᠪᠤᠢ ᠃
ᠶᠠᠳᠠᠭᠤ ᠰᠢᠯᠦᠭᠴᠢ ᠶ᠋ᠢᠨ ᠡᠪᠦᠷ ᠲᠤ
ᠶᠠᠩᠴᠢᠶᠠᠨ ᠳᠦᠭᠦᠷᠡᠩ ᠪᠠᠶ᠋ᠢᠬᠤ ᠦᠭᠡᠢ
ᠵᠠᠯᠠᠭᠤ ᠨᠠᠰᠤᠨ ᠤ ᠬᠢᠨᠢ ᠵᠦᠳᠡᠷᠡᠯ —
ᠵᠢᠷᠭᠠᠯ ᠦᠵᠡᠬᠡ ᠦᠭᠡᠢ ᠵᠢᠳᠬᠦᠯ ᠃
ᠠᠮᠢᠳᠤ ᠳ᠋ᠠᠭᠠᠨ ᠥᠪᠡᠷ ᠢᠶ᠋ᠡᠨ ᠰᠣᠨᠣᠰᠬᠤ ᠦᠭᠡᠢ
ᠠᠯᠳᠠᠷ ᠭᠠᠪᠢᠶ᠎ᠠ ᠨᠢ ᠪᠤᠢ !
19 ᠂66 ᠂7 ᠂25
ᠦᠰᠦᠭ ᠠᠮᠢᠯᠠᠭᠤᠯᠤᠭᠴᠢ ᠄ ᠮᠢᠳᠤᠭᠮ᠎ᠠ
