ᠵᠤᠨ ᠪ ᠰᠡᠷᠢᠭᠦᠬᠡᠨ ᠪᠣᠷᠣᠭ᠎ᠠ – ᠷ · ᠴᠣᠢᠨᠣᠮ Зуны сэрүүхэн бороо – Р· Чойном
ᠵᠤᠨ ᠪ ᠰᠡᠷᠢᠭᠦᠬᠡᠨ ᠪᠣᠷᠣᠭ᠎ᠠ
ᠵᠤᠨ ᠪ ᠰᠡᠷᠢᠭᠦᠬᠡᠨ ᠪᠣᠷᠣᠭ᠎ᠠ
ᠬᠥᠰᠢᠭᠡ ᠳᠠᠲᠠᠨ ᠵᠦᠰᠡᠷᠡᠨ᠎ᠡ ᠂
ᠵᠤᠯᠠ ᠶ᠋ᠢᠨ ᠭᠣᠣᠯ ᠰᠢᠭ᠋ ᠴᠡᠮᠴᠡᠭᠡᠷ
ᠬᠥᠭᠡᠷᠦᠬᠦᠨ ᠪᠦᠰᠡᠭᠦᠢ ᠵᠦᠲᠡᠷᠡᠨᠡ ᠃
ᠴᠢᠯᠠᠭᠤᠨ ᠵᠠᠮ ᠦᠭᠡᠢ ᠭᠠᠵᠠᠷ ᠶ᠋ᠢᠠᠷ
ᠰᠢᠯᠤᠭᠤᠨ ᠶᠠᠪᠤᠬᠤ ᠶ᠋ᠢᠨ ᠠᠷᠭ᠎ᠠ ᠦᠭᠡᠢ ᠂
ᠠᠯᠲᠠ ᠬᠦᠷᠬᠦ ᠦᠭᠡᠢ ᠱᠠᠯᠪᠠᠭ ᠊ᠢ
ᠠᠯᠬᠤᠭᠠᠳ ᠭᠠᠷᠬᠤ ᠶ᠋ᠢᠨ ᠡᠷᠬᠡ ᠦᠭᠡᠢ᠃
ᠭᠠᠲᠠᠰᠦᠨ ᠱᠥᠪᠥᠭᠡᠷ ᠥᠰᠦᠭᠡᠶ᠋ᠢᠲᠦ ᠨᠢ
ᠭᠠᠵᠠᠷ ᠰᠢᠭᠢᠤᠠᠴᠦ ᠵᠣᠪᠠᠭᠠᠨ᠎ᠠ᠃
ᠬᠥᠯ ᠶ᠋ᠢᠡᠨ ᠲᠤᠱᠠᠭᠰᠠᠨ ᠪᠠᠩᠵᠠᠯ ᠨᠢ
ᠬᠥᠲᠡᠯᠬᠦ ᠠᠷᠭ᠎ᠠ ᠦᠭᠡᠢ ᠰᠢᠨᠠᠯᠭᠠᠨ᠎ᠠ᠃
ᠬᠥᠳᠡᠯᠭᠡᠭᠡᠨ ᠪᠦᠬᠦᠨ ᠬᠣᠷᠢᠭᠳᠠᠵᠤ
ᠬᠥᠭᠰᠢᠷᠡᠬᠦ ᠳ᠋ᠦ᠍ ᠪᠡᠯᠡᠳᠦᠭᠰᠡᠨ ᠶ᠋ᠢᠡᠨ ᠤᠬᠠᠭᠠᠷᠠᠨᠠᠮ᠃
1966.7.21
ᠦᠰᠦᠭ ᠠᠮᠢᠯᠠᠭᠤᠯᠤᠭᠴᠢ ᠄ ᠣᠳᠣᠨ
