ᠡᠳ᠋ ᠪᠠᠷᠠᠬ᠋ᠠ ᠬᠠᠭᠤᠴᠢᠷᠠᠬᠤ ᠳᠦ ᠭᠠᠷᠤᠵᠠ ᠨᠢ ᠦᠭᠡᠢ ᠡ – ᠷ · ᠴᠣᠢᠨᠣᠮ Эд бараа хуучрахад гарз нь үгүй ээ – Р· Чойном
ᠡᠳ᠋ ᠪᠠᠷᠠᠬ᠋ᠠ ᠬᠠᠭᠤᠴᠢᠷᠠᠬᠤ ᠳᠦ ᠭᠠᠷᠤᠵᠠ ᠨᠢ ᠦᠭᠡᠢ ᠡ
ᠡᠳ᠋ ᠪᠠᠷᠠᠬ᠋ᠠ ᠬᠠᠭᠤᠴᠢᠷᠠᠬᠤ ᠳᠦ ᠭᠠᠷᠤᠵᠠ ᠨᠢ ᠦᠭᠡᠢ ᠡ
ᠡᠲᠯᠡᠭᠡᠳ ᠦᠩᠭᠡᠷᠡᠭᠰᠡᠨ ᠬᠦᠮᠦᠨ ᠪ ᠠᠵᠠ ᠭᠡᠳᠡᠭ ᠶᠤᠮ ᠡ
ᠡᠩᠬᠦᠷᠡᠢ ᠰᠡᠤᠠᠬᠢᠯ ᠬᠠᠭᠤᠴᠢᠷᠠᠬᠤ ᠳᠦ ᠭᠠᠷᠤᠵᠠᠲᠠᠶ᠋ᠢᠬᠠᠨ ᠡ
ᠡᠨᠡᠬᠡᠨ ᠶᠠᠪᠤᠬ᠋᠎ᠠ ᠨᠠᠰᠤᠨ ᠪ ᠠᠵᠠ ᠭᠡᠳᠡᠭ ᠶᠤᠮ ᠡ
ᠲᠦᠷᠦᠭᠰᠡᠨ ᠪᠡᠶ᠎ᠡ ᠦᠬᠦᠬᠦ ᠳᠦ ᠭᠠᠰᠢᠭᠤᠲᠠᠬᠤ ᠨᠢ ᠦᠭᠡᠢ ᠡ
ᠲᠦᠪᠡᠭ ᠪᠠᠭᠠᠲᠠᠢ ᠦᠬᠦᠬᠦ ᠶ᠋ᠢ ᠠᠵᠠ ᠭᠡᠳᠡᠭ ᠶᠤᠮ ᠡ
ᠲᠦᠪᠯᠡᠷᠡᠭᠰᠡᠨ ᠰᠡᠤᠠᠬᠢᠯ ᠮᠥᠬᠥᠬᠦ ᠳᠦ ᠭᠠᠰᠢᠭᠤᠲᠠᠯᠲᠠᠶ᠋ᠢᠬᠠᠨ ᠡ
ᠲᠥᠭᠡᠷᠢᠵᠦ ᠶᠠᠪᠤᠲᠠᠭ ᠬᠠᠶ᠋ᠢᠷ᠎ᠠ ᠶ᠋ᠢᠨ ᠠᠵᠠ ᠭᠡᠳᠡᠭ ᠶᠤᠮ ᠡ ᠃
1966 .7.11
ᠦᠰᠦᠭ ᠠᠮᠢᠯᠠᠭᠤᠯᠤᠭᠴᠢ ᠄ ᠨᠠᠷᠠᠨ᠎ᠠ
