ᠡᠬᠡ ᠬᠡᠯᠡ – ᠳᠠᠮᠪᠢᠸᠠᠩᠴᠤᠭ Эх хэл – Дамбиванчог
ᠡᠬᠡ ᠬᠡᠯᠡ
ᠳᠠᠮᠪᠢᠸᠠᠩᠴᠤᠭ
ᠡᠬᠡ ᠮᠠᠯ ᠦᠷ᠎ᠡ ᠲᠥᠯ ᠦ᠋ᠨ ᠶ᠋ᠢᠡᠨ ᠳᠠᠭᠤᠨ ᠊ᠢ ᠲᠠᠨᠢᠵᠤ
ᠬᠣᠯᠠ ᠠ᠋ᠴᠠ ᠢᠷᠡᠵᠦ ᠬᠠᠶ᠋ᠢᠷ᠎ᠠ ᠢᠪᠢᠯᠦᠨ ᠭᠦᠬᠦᠭᠦᠯᠳᠡᠭ
ᠣᠢ ᠶ᠋ᠢᠨ ᠪᠣᠯᠵᠣᠮᠣᠷ ᠥᠪᠡᠷ ᠥᠪᠡᠷ ᠦ᠋ᠨ ᠳᠠᠭᠤᠨ ᠶ᠋ᠢᠠᠷ ᠵᠢᠷᠭᠢᠵᠦ
ᠡᠭᠦᠷ ᠶ᠋ᠢᠡᠨ ᠣᠯᠵᠤ ᠳᠡᠭᠳᠡᠭᠡᠬᠡᠢ ᠪᠡᠨ ᠨᠡᠪᠴᠢᠭᠦᠯᠳᠡᠭ
ᠳᠡᠯᠡᠬᠡᠢ ᠶ᠋ᠢᠨ ᠣᠯᠠᠨ ᠦᠨᠲᠦᠰᠦᠲᠡᠨ ᠨᠤᠭᠦᠳ
ᠬᠠᠷᠢᠯᠴᠠᠨ ᠬᠡᠯᠡ ᠠᠶᠠᠯᠭᠤ ᠪᠠᠷ ᠶ᠋ᠢᠠᠨ ᠨᠡᠪᠲᠡᠷᠡᠯᠴᠡᠨ᠎ᠡ
ᠭᠣᠣᠯ ᠮᠥᠷᠡᠨ ᠨᠡᠶ᠋ᠢᠯᠡᠭᠡᠳ ᠶᠡᠬᠡ ᠳᠠᠯᠠᠢ ᠳᠦ ᠴᠢᠤᠠᠬᠤᠨᠠ
ᠡᠬᠡ ᠬᠡᠯᠡ ᠤᠨᠲᠤᠷᠤᠬ᠋ᠠ ᠭᠣᠣᠯ ᠰᠢᠭ᠋
ᠠᠮᠢᠯᠠᠨ ᠤᠷᠤᠰᠤᠭᠠᠳ ᠵᠣᠭᠰᠣᠬᠤ ᠶᠣᠰᠣ ᠦᠭᠡᠢ
ᠮᠣᠩᠭᠣᠯ ᠬᠡᠯᠡ — ᠡᠬᠡ ᠬᠡᠯᠡ
ᠮᠣᠷᠢᠲᠠᠨ ᠦᠨᠲᠦᠰᠦᠲᠡᠨ ᠪ ᠬᠡᠶ᠋ᠢᠮᠣᠷᠢ ᠬᠡᠯᠡ !
2023.2.21
ᠦᠦᠰᠢᠨᠵᠤᠤ ᠪᠠᠯᠭᠠᠰᠤᠨ ᠪ ᠦᠦᠰᠢᠨᠵᠤᠤ ᠭᠠᠴᠠᠬ᠋ᠠ
ᠦᠰᠦᠭ ᠠᠮᠢᠯᠠᠭᠤᠯᠤᠭᠴᠢ ᠄ ᠣᠤᠠᠬᠠᠨᠰᠣᠠ᠋
ᠬᠢᠨᠠᠭᠴᠢ ᠪᠠᠭᠰᠢ ᠄ ᠪᠠᠯᠵᠢ
