ᠡᠬᠡ ᠬᠡᠯᠡ – ᠲᠠᠩᠭᠤᠳ ᠪᠠᠲᠤᠰᠡᠷᠡᠩ Эх хэл – Тангууд Батсэрэн
ᠡᠬᠡ ᠬᠡᠯᠡ
ᠲᠠᠩᠭᠤᠳ ᠪᠠᠲᠤᠰᠡᠷᠡᠩ
ᠪᠤᠭᠤᠷᠤᠯ ᠳᠡᠭᠡᠳᠦᠰ ᠦ᠋ᠨ ᠬᠡᠰᠢᠭ ᠲᠡᠢ
ᠪᠣᠭᠲᠠ ᠶ᠋ᠢᠨ ᠠᠷᠢᠭᠤᠨ ᠰᠤᠷᠭᠠᠯ ᠲᠠᠢ
ᠪᠤᠲᠠᠩᠲᠤ ᠬᠣᠷᠸ᠋᠎ᠠ ᠶ᠋ᠢᠨ ᠲᠡᠦᠬᠡᠨ᠎ᠡ
ᠬᠠᠭᠤᠲᠠᠰᠤ ᠰᠡᠬᠦᠭᠰᠡᠨ ᠨᠠᠮᠲᠠᠷ
ᠪᠣᠲᠣᠨᠴᠠᠷ ᠮᠤᠩᠬᠠᠭ ᠦ᠋ᠨ ᠪᠦᠲᠦᠭᠡᠭᠰᠡᠨ
ᠰᠦᠯᠲᠡ ᠰᠢᠲᠦᠭᠡᠨᠲᠦ ᠠᠶᠠᠯᠭᠤᠨ
ᠪᠥᠭᠡ ᠶ᠋ᠢᠨ ᠱᠠᠰᠢᠨ ᠳᠡᠯᠭᠡᠷᠡᠭᠰᠡᠨ
ᠢᠵᠢ ᠪᠦᠷᠢᠨ ᠳᠣᠮᠣᠭ
ᠡᠷᠲᠡ ᠡᠴᠡ ᠡᠲᠦᠭᠡ ᠪᠣᠯᠤᠬ᠋ᠠ ᠴᠤ᠌
ᠡᠯᠡᠭᠳᠡᠵᠦ ᠪᠠᠯᠠᠷᠠᠬ᠋ᠠ ᠦᠭᠡᠢ ᠱᠠᠰᠲᠢᠷ
ᠡᠷᠢᠶᠡᠨ ᠲᠡᠢ ᠪᠠᠷᠠᠭᠠᠨ ᠲᠠᠢ ᠶᠢᠷᠲᠢᠨᠴᠦ ᠳᠦ
ᠲᠠᠮᠠᠭᠠᠯᠠᠭᠰᠠᠨ ᠪᠣᠰᠤᠬ᠋᠎ᠠ ᠬᠡᠯᠡ
ᠡᠷᠡᠯᠬᠡᠭ ᠮᠣᠩᠭᠣᠯ ᠦ᠋ᠨ ᠲᠤᠭᠤᠵᠢᠰ ᠲᠤ
ᠬᠡᠶ᠋ᠢᠮᠣᠷᠢ ᠠᠮᠢᠯᠠᠭᠰᠠᠨ ᠭᠠᠯ
ᠢᠰᠡᠭᠡᠢ ᠲᠤᠭᠤᠷᠭᠠᠲᠠᠨ ᠪ ᠬᠣᠶ᠋ᠢᠴᠢᠰ ᠲᠤ
ᠮᠥᠩᠬᠡ ᠪᠠᠤᠠᠮᠠᠯᠠᠬᠤ ᠵᠤᠯᠠ
ᠣᠲᠣᠭ ᠦ᠋ᠨ ᠡᠮᠦᠨᠡᠲᠦ ᠬᠣᠰᠢᠭᠤᠨ ᠪ ᠨᠠᠩᠰᠤ ᠪᠠᠯᠭᠠᠰᠤᠨ ᠪ ᠮᠠᠯᠠᠳ ᠭᠠᠴᠠᠬ᠋ᠠ
2023.2.21
ᠦᠰᠦᠭ ᠠᠮᠢᠯᠠᠭᠤᠯᠤᠭᠴᠢ — ᠪᠠᠯᠵᠢ
ᠬᠢᠨᠠᠭᠴᠢ ᠪᠠᠭᠰᠢ — ᠣᠤᠠᠬᠠᠨᠰᠣ᠎ᠠ
