ᠮᠣᠩᠭᠣᠯ ᠬᠡᠯᠡ – ᠵᠠ ᠂ ᠤᠷᠭᠤᠮᠠᠯ Монгол хэл – Ж ᠂ Ургамал
ᠮᠣᠩᠭᠣᠯ ᠬᠡᠯᠡ
ᠳᠡᠯᠡᠬᠡᠢ ᠶ᠋ᠢᠨ ᠡᠬᠡ ᠬᠡᠯᠡᠨ ᠪ ᠪᠠᠶᠠᠷ ᠦ᠋ᠨ ᠡᠲᠦᠷ ᠲᠦ ᠵᠣᠷᠢᠭᠤᠯᠪᠠ
ᠵᠠ ᠂ ᠤᠷᠭᠤᠮᠠᠯ ( ᠰᠢᠨᠵᠢᠶᠠᠩ ᠪᠣᠷᠣᠲᠠᠯ᠎ᠠ )
ᠲᠩᠷᠢ ᠳᠦ ᠳᠡᠯᠡᠰᠦᠭᠰᠡᠨ ᠰᠦᠯᠲᠡ
ᠲᠡᠭᠷᠢᠯᠢᠭ ᠪᠣᠰᠤᠬ᠋᠎ᠠ ᠮᠣᠩᠭᠣᠯ ᠬᠡᠯᠡ
ᠳᠡᠭᠡᠳᠦᠰ ᠦ᠋ᠨ ᠤᠯᠠᠮᠵᠢᠯᠠᠯᠲᠤ ᠥᠪ
ᠲᠡᠭᠦᠰ ᠪᠢᠯᠢᠭ ᠦ᠋ᠨ ᠮᠣᠩᠭᠣᠯ ᠬᠡᠯᠡ
ᠲᠦᠮᠡᠨ ᠪᠣᠲᠠᠰ ᠦ᠋ᠨ ᠠᠮᠢᠯᠠᠯ
ᠲᠡᠦᠬᠡᠨ ᠡᠴᠡ ᠦᠯᠡᠳᠡᠭᠰᠡᠨ ᠮᠣᠩᠭᠣᠯ ᠬᠡᠯᠡ
ᠲᠠᠯ᠎ᠠ ᠶ᠋ᠢᠨ ᠰᠠᠶ᠋ᠢᠬᠠᠨ ᠴᠡᠴᠡᠭᠡᠰ
ᠳᠡᠯᠭᠡᠷ ᠨᠤᠲᠤᠭ ᠦ᠋ᠨ ᠮᠣᠩᠭᠣᠯ ᠬᠡᠯᠡ
ᠳᠠᠷᠬᠠᠨ ᠥᠯᠥᠭᠡᠢ ᠨᠤᠲᠤᠭ ᠲᠠᠭᠠᠨ
ᠲᠠᠮᠠᠭᠠᠨ ᠬᠡ ᠲᠡᠢ ᠮᠣᠩᠭᠣᠯ ᠬᠡᠯᠡ
ᠲᠠᠪᠤᠨ ᠬᠠᠨ᠎ᠠ ᠲᠠᠢ ᠭᠡᠷ ᠦ᠋ᠨ ᠶ᠋ᠢᠡᠨ
ᠲᠤᠯᠭᠠᠭᠤᠷᠢ ᠪᠠᠭᠠᠨ᠎ᠠ ᠮᠣᠩᠭᠣᠯ ᠬᠡᠯᠡ
ᠲᠥᠷᠥᠯᠬᠢ ᠮᠣᠩᠭᠣᠯ ᠦ᠋ᠨ ᠣᠷᠣᠨ ᠳᠦ ᠪᠠᠨ
ᠳᠦᠭᠦᠷᠡᠩ ᠮᠡᠯᠮᠡᠷᠡᠭᠰᠡᠨ ᠮᠣᠩᠭᠣᠯ ᠬᠡᠯᠡ
ᠲᠦᠪᠰᠢᠨ ᠡᠩᠬᠡ ᠶ᠋ᠢᠨ ᠵᠥᠩᠨᠡᠯ ᠲᠡᠢ
ᠲᠦᠭᠡᠮᠡᠯᠵᠢᠵᠦ ᠬᠠᠲᠠᠭᠠᠯᠠᠬᠤ ᠮᠣᠩᠭᠣᠯ ᠬᠡᠯᠡ
ᠲᠣᠷᠭᠠᠨ ᠬᠡᠭᠡᠷ᠎ᠡ ᠶ᠋ᠢᠨ ᠰᠣᠯᠣᠩᠬ᠋᠎ᠠ
ᠳᠣᠯᠣᠭᠠᠨ ᠪᠤᠷᠬᠠᠨ ᠮᠣᠩᠭᠣᠯ ᠬᠡᠯᠡ
ᠳᠣᠷᠣᠨ᠎ᠠ ᠶ᠋ᠢᠨ ᠭᠡᠭᠡᠨ ᠨᠠᠷᠠ
ᠳᠠᠭᠤ ᠨᠢ ᠢᠷᠠᠭᠤᠬᠠᠨ ᠮᠣᠩᠭᠣᠯ ᠬᠡᠯᠡ
ᠳᠡᠯᠭᠡᠷ ᠬᠡᠶ᠋ᠢᠮᠣᠷᠢ ᠶ᠋ᠢᠨ ᠳᠠᠯᠠᠯᠬ᠋ᠠ ᠲᠠᠢ
ᠲᠡᠨᠢᠭᠦᠨ ᠮᠣᠩᠭᠣᠯ ᠦ᠋ᠨ ᠴᠢᠮᠡᠭ ᠮᠣᠩᠭᠣᠯ ᠬᠡᠯᠡ
ᠳᠡᠯᠡᠬᠡᠢ ᠶ᠋ᠢ ᠳᠠᠶ᠋ᠢᠯᠠᠭᠰᠠᠨ ᠲᠡᠦᠬᠡ ᠲᠡᠢ
ᠲᠩᠷᠢ ᠶ᠋ᠢᠨ ᠵᠠᠷᠯᠢᠬ ᠲᠠᠢ ᠮᠣᠩᠭᠣᠯ ᠬᠡᠯᠡ
ᠲᠠᠰᠤᠷᠠᠵᠤ ᠠᠭᠤᠰᠬᠤ ᠦᠭᠡᠢ ᠤᠨᠲᠤᠷᠤᠯ
ᠲᠤᠨᠤᠯᠵᠠᠭᠰᠠᠨ ᠤᠷᠤᠰᠬᠠᠯᠲᠤ ᠮᠣᠩᠭᠣᠯ ᠬᠡᠯᠡ
ᠲᠡᠦᠬᠡ ᠰᠤᠨᠲᠠᠯᠠᠭᠰᠠᠨ ᠬᠣᠷᠸ᠋᠎ᠠ ᠳᠦ
ᠲᠤᠯᠬ᠋ᠠ ᠶ᠋ᠢᠨ ᠴᠢᠯᠠᠭᠤ ᠮᠣᠩᠭᠣᠯ ᠬᠡᠯᠡ
ᠲᠣᠭᠣᠨᠣᠲᠤ ᠭᠡᠷ ᠦ᠋ᠨ ᠦᠷ᠎ᠡ ᠬᠣᠶ᠋ᠢᠴᠢᠰ
ᠰᠦᠰᠦᠭᠯᠡᠬᠦ ᠰᠢᠲᠦᠭᠡᠨ ᠮᠣᠩᠭᠣᠯ ᠬᠡᠯᠡ
ᠲᠣᠭᠣᠰᠣᠲᠤ ᠣᠷᠴᠢᠯᠠᠩ ᠠ᠋ᠴᠠ ᠠᠶᠠᠷᠯᠠᠭᠰᠠᠨ ᠴᠤ᠌
ᠰᠦᠨᠡᠰᠦᠨ ᠳᠦ ᠮᠢᠨᠢ ᠬᠣᠷᠭᠣᠲᠠᠬᠤ ᠮᠣᠩᠭᠣᠯ ᠬᠡᠯᠡ
2023.2.21
ᠦᠰᠦᠭ ᠠᠮᠢᠯᠠᠭᠤᠯᠤᠭᠴᠢ — ᠪᠠᠯᠵᠢ
ᠬᠢᠨᠠᠭᠴᠢ ᠪᠠᠭᠰᠢ — ᠪᠠᠶᠠᠷᠴᠡᠴᠡᠭ
