ᠣᠷᠴᠢᠯᠠᠩ ᠳ᠋ᠤ᠌ ᠢᠵᠢᠯ ᠦᠭᠡᠢ ᠨᠤᠲᠤᠭ ᠮᠢᠨᠢ- ᠠᠷᠢᠭᠤᠨᠪᠠᠭᠠᠲᠤᠷ Орчлонд ижил үгүй нутаг минь-Ариунбаатар Orchlond ijil ügüi nutag mini Ariunbaatar
ᠣᠷᠴᠢᠯᠠᠩ ᠳ᠋ᠤ᠌ ᠢᠵᠢᠯ ᠦᠭᠡᠢ ᠨᠤᠲᠤᠭ ᠮᠢᠨᠢ
ᠰᠢᠯᠦᠭ᠂ ᠠᠶ᠎ᠠ᠄ ᠵᠠᠩᠴᠢᠨᠨᠣᠷᠪᠤ
ᠳᠠᠭᠤᠴᠢᠨ ᠄ ᠠᠷᠢᠭᠤᠨᠪᠠᠭᠠᠲᠤᠷ
ᠲᠡᠷᠲᠡᠭᠡ ᠳ᠋ᠦ᠍ ᠴᠡᠯᠡᠢᠬᠦ ᠲᠩᠷᠢ ᠶ᠋ᠢᠨ ᠳᠣᠣᠷ᠎ᠠ
ᠮᠣᠩᠭᠣᠯ ᠬᠥᠮᠦᠨ ᠦ᠌ ᠥᠯᠥᠭᠡᠢ ᠪᠣᠢ
ᠲᠡᠨᠢᠭᠦᠨ ᠲᠠᠯ᠎ᠠ ᠶ᠋ᠢᠨ ᠠᠭᠤᠳᠠᠮ ᠳ᠋ᠤ᠌ ᠬᠣᠯᠠᠳᠠᠭ᠎ᠠ ᠦᠭᠡᠢ
ᠮᠣᠩᠭᠣᠯ ᠬᠥᠮᠦᠨ ᠦ᠌ ᠰᠡᠳᠬᠢᠯ ᠪᠣᠢ
ᠠᠯᠲᠠᠨ ᠰᠢᠷᠭᠠᠯ ᠨᠠᠷᠠᠨ ᠤ᠋ ᠳᠣᠣᠷ᠎ᠠ
ᠠᠮᠢᠲᠠᠨ ᠪᠦᠬᠦᠨ ᠦ᠌ ᠵᠢᠷᠭᠠᠯ ᠪᠣᠢ
ᠠᠮᠢᠨ ᠭᠣᠣᠯ ᠠ᠋ᠴᠠ ᠠᠯᠳᠠᠷᠠᠨ ᠠᠯᠳᠠᠷᠠᠭ᠎ᠠ ᠦᠭᠡᠢ
ᠠᠷᠢᠭᠤᠨ ᠬᠠᠢᠷ᠎ᠠ ᠶ᠋ᠢᠨ ᠮᠢᠨᠢ ᠤᠨᠳᠤᠷᠤᠭ᠎ᠠ ᠪᠣᠢ
ᠥᠯᠥᠭᠡᠢ ᠨᠤᠲᠤᠭ ᠢ᠋ᠶ᠋ᠠᠨ ᠬᠠᠷᠠᠮᠠᠷ ᠪᠠᠢᠨ᠎ᠠ
ᠥᠪᠡᠷ ᠦ᠋ᠨ ᠡᠷᠬᠡ ᠦᠭᠡᠢ ᠤᠬᠢᠯᠠᠮᠠᠷ ᠪᠠᠢᠨ᠎ᠠ
ᠥᠷᠯᠥᠭᠡ ᠦᠳᠡᠰᠢ ᠦᠭᠡᠢ ᠳᠠᠭᠤᠯᠠᠮᠠᠷ ᠪᠠᠢᠨ᠎ᠠ
ᠥᠨᠥᠴᠢᠨ ᠵᠢᠷᠦᠬᠡ ᠪᠡᠨ ᠴᠦ᠍ ᠡᠷᠭᠦᠮᠡᠷ ᠪᠠᠢᠨ᠎ᠠ
ᠮᠥᠩᠭᠥᠨ ᠰᠠᠴᠤᠯᠠᠭᠠᠲᠤ ᠰᠠᠷᠠᠨ ᠤ᠋ ᠳᠣᠣᠷ᠎ᠠ
ᠮᠥᠷᠡᠨ ᠭᠣᠣᠯ ᠮᠢᠨᠢ ᠮᠢᠷᠠᠯᠵᠠᠨ ᠪᠣᠢ
ᠮᠢᠩᠭᠠᠨ ᠮᠢᠩᠭᠠᠨ ᠢ᠋ᠶ᠋ᠠᠷ ᠴᠤ᠌ ᠲᠠᠰᠤᠷᠠᠨ ᠲᠠᠰᠤᠷᠠᠭ᠎ᠠ ᠦᠭᠡᠢ
ᠮᠢᠨᠦ ᠳᠡᠭᠡᠳᠦᠰ ᠦ᠋ᠨ ᠵᠠᠶᠠᠭ᠎ᠠ ᠪᠣᠢ
ᠣᠷᠣᠢᠯᠠᠵᠤ ᠲᠦᠭᠡᠭᠰᠡᠨ ᠣᠳᠣᠳ ᠤ᠋ᠨ ᠳᠣᠣᠷ᠎ᠠ
ᠣᠩᠭᠣᠨ ᠴᠠᠭᠠᠨ ᠬᠦᠯᠦᠭ ᠮᠢᠨᠢ ᠪᠣᠢ
ᠠᠮᠤᠭᠤᠯᠠᠩ ᠨᠦ᠍ᠢᠷᠣᠨ ᠳ᠋ᠤ᠌ ᠴᠤ᠌ ᠦᠷᠭᠦᠯᠵᠢ ᠵᠡᠭᠦᠳᠦᠯᠡᠭᠡᠰᠦᠲᠡᠢ
ᠣᠷᠴᠢᠯᠠᠩ ᠳ᠋ᠤ᠌ ᠢᠵᠢᠯ ᠦᠭᠡᠢ ᠨᠤᠲᠤᠭ ᠮᠢᠨᠢ ᠪᠣᠢ
ᠥᠯᠥᠭᠡᠢ ᠨᠤᠲᠤᠭ ᠢ᠋ᠶ᠋ᠠᠨ ᠬᠠᠷᠠᠮᠠᠷ ᠪᠠᠢᠨ᠎ᠠ
ᠥᠪᠡᠷ ᠦ᠋ᠨ ᠡᠷᠬᠡ ᠦᠭᠡᠢ ᠤᠬᠢᠯᠠᠮᠠᠷ ᠪᠠᠢᠨ᠎ᠠ
ᠥᠷᠯᠥᠭᠡ ᠦᠳᠡᠰᠢ ᠦᠭᠡᠢ ᠳᠠᠭᠤᠯᠠᠮᠠᠷ ᠪᠠᠢᠨ᠎ᠠ
ᠥᠨᠥᠴᠢᠨ ᠵᠢᠷᠦᠬᠡ ᠪᠡᠨ ᠴᠦ᠍ ᠡᠷᠭᠦᠮᠡᠷ ᠪᠠᠢᠨ᠎ᠠ
ᠥᠯᠥᠭᠡᠢ ᠨᠤᠲᠤᠭ ᠢ᠋ᠶ᠋ᠠᠨ ᠬᠠᠷᠠᠮᠠᠷ ᠪᠠᠢᠨ᠎ᠠ
ᠥᠪᠡᠷ ᠦ᠋ᠨ ᠡᠷᠬᠡ ᠦᠭᠡᠢ ᠤᠬᠢᠯᠠᠮᠠᠷ ᠪᠠᠢᠨ᠎ᠠ
ᠥᠷᠯᠥᠭᠡ ᠦᠳᠡᠰᠢ ᠦᠭᠡᠢ ᠳᠠᠭᠤᠯᠠᠮᠠᠷ ᠪᠠᠢᠨ᠎ᠠ
ᠥᠨᠥᠴᠢᠨ ᠵᠢᠷᠦᠬᠡ ᠪᠡᠨ ᠴᠦ᠍ ᠡᠷᠭᠦᠮᠡᠷ ᠪᠠᠢᠨ᠎ᠠ
ᠥᠨᠥᠴᠢᠨ ᠵᠢᠷᠦᠬᠡ ᠪᠡᠨ ᠴᠦ᠍ ᠡᠷᠭᠦᠮᠡᠷ ᠪᠠᠢᠨ᠎ᠠ
