ᠭᠦᠶᠦᠭᠦᠯ ᠮᠣᠷᠢ- ᠠ᠊· ᠬᠣᠣᠰᠪᠠᠶᠠᠷGüigüül mori-A·KhosbayarГүйгүүл морь-А·Хосбаяр
ᠭᠦᠶᠦᠭᠦᠯ ᠮᠣᠷᠢ
ᠦᠭᠡ᠄ ᠯ· ᠲᠡᠮᠦᠷᠪᠠᠲᠤ
ᠠᠶ᠎ᠠ᠄ ᠪ· ᠪᠠᠲᠤᠡᠷᠳᠡᠨᠢ
ᠳᠠᠭᠤᠴᠢᠨ᠄ ᠠ᠊· ᠬᠣᠣᠰᠪᠠᠶᠠᠷ
ᠰᠢᠩᠭᠡᠬᠦ ᠨᠠᠷᠠᠨ ᠤ᠋ ᠲᠤᠶᠠᠭ᠎ᠠ ᠪᠠᠷ
ᠰᠢᠪᠡᠭᠡᠨ ᠲᠣᠯᠣᠭᠠᠢ ᠰᠦᠯᠡᠭᠡᠳ
ᠢᠵᠢᠯᠢ ᠪᠡᠨ ᠵᠠᠬᠠᠯᠠᠨ ᠢᠳᠡᠭᠡᠰᠢᠯᠡᠵᠦ
ᠨᠤᠲᠤᠭ ᠢ᠋ᠶ᠋ᠠᠨ ᠵᠣᠷᠢᠨ ᠲᠡᠮᠡᠦᠯᠦᠭᠰᠡᠨ
ᠭᠠᠵᠠᠷ ᠦᠨᠦᠷᠯᠡᠨ ᠶᠥᠷᠭᠡᠵᠦ ᠶᠠᠪᠤᠭ᠎ᠠ
ᠭᠠᠭᠴᠠ ᠮᠣᠷᠢ ᠶ᠋ᠢ ᠪᠢᠲᠡᠭᠡᠢ ᠥᠷᠭᠥᠭᠡ
ᠡᠬᠡ ᠶ᠋ᠢᠨ ᠢ᠋ᠶ᠋ᠡᠨ ᠬᠡᠭᠡᠯ ᠳ᠋ᠦ᠍ ᠵᠢᠷᠭᠠᠭᠰᠠᠨ ᠤᠨᠠᠭ᠎ᠠ
ᠢᠵᠢᠯᠢ ᠪᠡᠨ ᠣᠷᠬᠢᠨ ᠨᠤᠲᠤᠭᠲᠤ ᠪᠠᠨ ᠭᠦᠶᠦᠵᠦ ᠶᠠᠪᠤᠨ᠎ᠠ
ᠠᠶᠤᠳᠠᠰᠤ ᠵᠢᠪᠡᠭᠦᠳᠡᠰᠦ ᠬᠤᠷᠠᠭᠰᠠᠨ
ᠠᠶᠠᠨ ᠵᠠᠮ ᠤ᠋ᠨ ᠢ᠋ᠶ᠋ᠠᠨ ᠲᠣᠭᠣᠰᠣ ᠶ᠋ᠢ
ᠪᠤᠰᠤᠳ ᠤ᠋ᠨ ᠨᠤᠲᠤᠭ ᠤ᠋ᠨ ᠰᠠᠯᠬᠢᠨ ᠳ᠋ᠤ᠌
ᠪᠤᠲᠠᠷᠠᠲᠠᠯ᠎ᠠ ᠰᠢᠯᠭᠡᠭᠡᠵᠦ ᠦᠷᠭᠦᠭᠡᠭᠰᠡᠨ
ᠭᠠᠵᠠᠷ ᠦᠨᠦᠷᠯᠡᠨ ᠶᠥᠷᠭᠡᠵᠦ ᠶᠠᠪᠤᠭ᠎ᠠ
ᠭᠠᠭᠴᠠ ᠮᠣᠷᠢ ᠶ᠋ᠢ ᠪᠢᠲᠡᠭᠡᠢ ᠥᠷᠭᠥᠭᠡ
ᠡᠬᠡ ᠶ᠋ᠢᠨ ᠢ᠋ᠶ᠋ᠡᠨ ᠬᠡᠭᠡᠯ ᠳ᠋ᠦ᠍ ᠵᠢᠷᠭᠠᠭᠰᠠᠨ ᠤᠨᠠᠭ᠎ᠠ
ᠢᠵᠢᠯᠢ ᠪᠡᠨ ᠣᠷᠬᠢᠨ ᠨᠤᠲᠤᠭᠲᠤ ᠪᠠᠨ ᠭᠦᠶᠦᠵᠦ ᠶᠠᠪᠤᠨ᠎ᠠ
ᠡᠬᠡ ᠨᠤᠲᠤᠭ ᠤ᠋ᠨ ᠢ᠋ᠶ᠋ᠠᠨ ᠬᠥᠷᠥᠰᠥᠨ ᠳᠡᠭᠡᠷ᠎ᠡ
ᠨᠢᠷᠤᠭᠤ ᠪᠠᠨ ᠠᠮᠠᠷᠠᠭᠠᠨ ᠬᠥᠷᠪᠡᠭᠡᠵᠦ
ᠦᠷ ᠦ᠋ᠨ ᠰᠢᠪᠠᠭᠤᠳ ᠢ᠋ ᠵᠢᠷᠭᠢᠲᠡᠯᠡ
ᠦᠦᠷᠰᠡᠨ ᠢᠨᠴᠠᠭᠠᠵᠤ ᠢᠵᠢᠯᠢᠳᠡᠭᠰᠡᠨ
ᠭᠠᠵᠠᠷ ᠦᠨᠦᠷᠯᠡᠨ ᠶᠥᠷᠭᠡᠵᠦ ᠶᠠᠪᠤᠭ᠎ᠠ
ᠭᠠᠭᠴᠠ ᠮᠣᠷᠢ ᠶ᠋ᠢ ᠪᠢᠲᠡᠭᠡᠢ ᠥᠷᠭᠥᠭᠡ
ᠡᠬᠡ ᠶ᠋ᠢᠨ ᠢ᠋ᠶ᠋ᠡᠨ ᠬᠡᠭᠡᠯ ᠳ᠋ᠦ᠍ ᠵᠢᠷᠭᠠᠭᠰᠠᠨ ᠤᠨᠠᠭ᠎ᠠ
ᠢᠵᠢᠯᠢ ᠪᠡᠨ ᠣᠷᠬᠢᠨ ᠨᠤᠲᠤᠭ ᠲᠤ᠌ ᠪᠠᠨ ᠭᠦᠶᠦᠵᠦ ᠶᠠᠪᠤᠨ᠎ᠠ
ᠭᠠᠵᠠᠷ ᠦᠨᠦᠷᠯᠡᠨ ᠶᠥᠷᠭᠡᠵᠦ ᠶᠠᠪᠤᠭ᠎ᠠ
ᠭᠠᠭᠴᠠ ᠮᠣᠷᠢ ᠶ᠋ᠢ ᠪᠢᠲᠡᠭᠡᠢ ᠥᠷᠭᠥᠭᠡ
ᠡᠬᠡ ᠶ᠋ᠢᠨ ᠢ᠋ᠶ᠋ᠡᠨ ᠬᠡᠭᠡᠯ ᠳ᠋ᠦ᠍ ᠵᠢᠷᠭᠠᠭᠰᠠᠨ ᠤᠨᠠᠭ᠎ᠠ
ᠢᠵᠢᠯᠢ ᠪᠡᠨ ᠣᠷᠬᠢᠨ ᠨᠤᠲᠤᠭᠲᠤ ᠪᠠᠨ ᠭᠦᠶᠦᠵᠦ ᠶᠠᠪᠤᠨ᠎ᠠ
ᠡᠬᠡ ᠶ᠋ᠢᠨ ᠢ᠋ᠶ᠋ᠡᠨ ᠬᠡᠭᠡᠯ ᠳ᠋ᠦ᠍ ᠵᠢᠷᠭᠠᠭᠰᠠᠨ ᠤᠨᠠᠭ᠎ᠠ
ᠢᠵᠢᠯᠢ ᠪᠡᠨ ᠣᠷᠬᠢᠨ ᠨᠤᠲᠤᠭᠲᠤ ᠪᠠᠨ ᠭᠦᠶᠦᠵᠦ ᠶᠠᠪᠤᠨ᠎ᠠ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
