ᠲᠡᠮᠡᠭᠡ-ᠪ᠂ ᠶᠠᠪᠤᠭᠤᠬᠤᠯᠠᠨ Тэмээ-Б. Явуухулан
ᠲᠡᠮᠡᠭᠡ

ᠪ᠂ ᠶᠠᠪᠤᠭᠤᠬᠤᠯᠠᠨ
ᠴᠡᠩᠬᠡᠷᠯᠡᠨ
ᠪᠠᠶ᠋ᠢᠬ᠋᠎ᠠ ᠠᠯᠤᠰ ᠦ᠋ᠨ ᠠᠯᠤᠰ ᠲᠦ
ᠴᠡᠯᠡᠯᠵᠡᠨ
ᠪᠠᠶ᠋ᠢᠬ᠋᠎ᠠ ᠲᠠᠩᠭᠢᠰ ᠊ᠢ ᠴᠢ ᠬᠠᠷᠠᠭᠠᠴᠢ !
ᠬᠥᠬᠡ
ᠲᠩᠷᠢ ᠶ᠋ᠢᠨ ᠬᠠᠶᠠᠬ᠋ᠠ ᠪᠠᠭᠤᠬᠤ ᠰᠠᠪᠰᠠᠯᠭᠠᠨ ᠳᠦ
ᠬᠥᠪᠦᠨ
ᠶᠠᠪᠤᠬ᠋᠎ᠠ ᠣᠩᠭᠣᠴᠠ ᠨᠤᠭᠤᠳ ᠊ᠢ ᠪᠠᠰᠠ ᠠᠵᠢᠭᠠᠴᠢ !
ᠡᠨᠡ
ᠴᠢᠨᠢ ᠥᠨᠥᠬᠢ ᠶᠡᠬᠡ ᠭᠣᠪᠢ ᠶ᠋ᠢᠨ
ᠶᠸᠯᠧᠢ
ᠶ᠋ᠢᠨ ᠭᠠᠶ᠋ᠢᠬᠠᠮᠰᠢᠬᠲᠤ ᠴᠡᠩᠬᠡᠷ ᠵᠡᠷᠭᠡᠯᠭᠡᠨ
《 ᠡᠯᠡᠰᠦᠨ ᠴᠦᠯ ᠦ᠋ᠨ ᠣᠩᠭᠣᠴᠠ 》ᠭᠡᠵᠦ ᠠᠯᠲᠠᠷᠰᠢᠬᠰᠠᠨ
ᠢᠲᠡᠰᠢᠯᠡᠵᠦ
ᠶᠠᠪᠤᠬ᠋᠎ᠠ ᠣᠯᠠᠨ ᠲᠡᠮᠡᠭᠡ ᠃
ᠵᠡᠯᠢᠭᠦᠳ
ᠬᠡᠭᠡᠷ᠎ᠡ ᠶ᠋ᠢᠨ ᠲᠠᠪᠠᠬᠠᠶ᠋ᠢᠲᠤ ᠰᠦᠷᠦᠭ
ᠵᠡᠷᠭᠡᠯᠭᠡᠲᠦ
ᠭᠣᠪᠢ ᠶ᠋ᠢᠨ ᠳᠠᠷᠪᠠᠭᠤᠯᠲᠤ ᠬᠥᠯᠭᠡ
ᠲᠡᠮᠡᠭᠡ
ᠭᠡᠲᠡᠭ ᠰᠠᠶ᠋ᠢᠬᠠᠨ ᠠᠮᠢᠲᠠᠨ
ᠲᠡᠷᠡ ᠴᠢᠭ᠌ ᠶ᠋ᠢᠡᠷ ᠶ᠋ᠢᠡᠨ
ᠡᠷᠲᠡᠨᠢ ᠰᠢᠭ᠌ ᠪᠡᠶᠡᠲᠡᠨ ᠃
ᠥᠩᠭᠡ
ᠵᠢᠰᠦ ᠨᠢ ᠪᠠᠤᠠᠮᠠᠷᠠᠬ᠋ᠠ ᠤᠯᠠᠭᠠᠨ
ᠦᠰᠦ
ᠨᠣᠣᠰᠣ ᠨᠢ ᠮᠢᠨᠲᠠᠰᠤ ᠵᠥᠭᠡᠯᠡᠨ
ᠲᠣᠮᠣ
ᠪᠡᠶᠡᠲᠡᠨ ᠳᠦ ᠵᠠᠶᠠᠭᠠᠮᠠᠷ ᠦᠭᠡᠢ ᠨᠣᠮᠣᠬᠠᠨ
ᠲᠣᠷᠮᠣᠭᠣᠷ
ᠨᠢᠲᠦ ᠨᠢ ᠵᠦᠢᠷᠯᠡᠰᠢ ᠦᠭᠡᠢ ᠠᠮᠤᠭᠤᠯᠠᠩ ᠃
ᠪᠦᠬᠦ
ᠭᠡᠲᠡᠭ ᠨᠢ ᠬᠥᠯᠭᠡ ᠶ᠋ᠢᠨ ᠳᠠᠷᠪᠠᠭᠤᠯ
ᠪᠢᠷ᠎ᠠ
ᠭᠡᠲᠡᠭ ᠨᠢ ᠳᠠᠯᠠᠢ ᠶ᠋ᠢᠨ ᠣᠩᠭᠣᠴᠠ
ᠮᠥᠷᠥᠭᠡᠰᠴᠦ
ᠪᠤᠶ᠋ᠢᠯᠠᠬᠤ ᠨᠢ ᠮᠣᠷᠢᠨ ᠬᠤᠭᠤᠷ
ᠮᠥᠷ ᠨᠢ
ᠬᠦᠷᠲᠡᠯ᠎ᠡ ᠤᠨᠠᠭᠰᠠᠨ ᠨᠠᠪᠴᠢ ᠃
ᠭᠠᠩᠭᠠᠩ
ᠤᠯᠠᠭᠠᠨ ᠲᠡᠮᠡᠭᠡ ᠪᠡᠨ ᠤᠨᠤᠭᠠᠳ
ᠭᠠᠯᠪᠠ
ᠶ᠋ᠢᠨ ᠭᠣᠪᠢ ᠶ᠋ᠢ ᠲᠤᠭᠤᠯᠬᠤ ᠴᠤ᠌ ᠵᠢᠷᠭᠠᠯ
ᠭᠠᠩ
ᠡᠪᠴᠢᠭᠦᠲᠦ ᠣᠩᠭᠣᠴᠠᠨ ᠳᠦ ᠰᠠᠭᠤᠭᠠᠳ
ᠭᠠᠲᠠᠭᠠᠲᠤ
ᠳᠠᠯᠠᠢ ᠶ᠋ᠢ ᠭᠠᠲᠤᠯᠬᠤ ᠴᠤ᠌ ᠵᠢᠷᠭᠠᠯ ᠃
ᠵᠡᠯᠢᠭᠦᠳ
ᠬᠡᠭᠡᠷ᠎ᠡ ᠶ᠋ᠢᠨ ᠲᠠᠪᠠᠬᠠᠶ᠋ᠢᠲᠤ ᠰᠦᠷᠦᠭ
ᠵᠡᠷᠭᠡᠯᠭᠡᠲᠦ
ᠭᠣᠪᠢ ᠶ᠋ᠢᠨ ᠳᠠᠷᠪᠠᠭᠤᠯᠲᠤ ᠬᠥᠯᠭᠡ
ᠤᠯᠠᠭᠠᠨ
ᠲᠡᠮᠡᠭᠡ ᠭᠣᠪᠢ ᠶ᠋ᠢᠨ ᠴᠢᠮᠡᠭ
ᠤᠨᠤᠵᠤ
ᠡᠲᠯᠡᠬᠦ ᠳᠦ ᠬᠥᠮᠦᠨ ᠪ ᠴᠢᠮᠡᠭ
ᠲᠡᠮᠡᠭᠡ
ᠭᠡᠲᠡᠭ ᠰᠠᠶ᠋ᠢᠬᠠᠨ ᠠᠮᠢᠲᠠᠨ
ᠲᠢᠪ
ᠳᠡᠯᠡᠬᠡᠢ ᠳᠦ ᠬᠣᠪᠣᠷ ᠠᠮᠢᠲᠠᠨ
ᠲᠡᠨᠢᠭᠡᠷ
ᠭᠣᠪᠢ ᠦᠭᠡᠢ ᠪᠣᠯ ᠲᠡᠮᠡᠭᠡ ᠂ ᠲᠡᠮᠡᠭᠡ ᠪᠢᠰᠢ
ᠲᠡᠮᠡᠭᠡ
ᠦᠭᠡᠢ ᠪᠣᠯ ᠭᠣᠪᠢ ᠴᠤ᠌ ᠭᠣᠪᠢ ᠪᠢᠰᠢ ᠃
ᠦᠰᠦᠭ ᠠᠮᠢᠯᠠᠭᠴᠢ ᠄ ᠣᠳᠬᠠᠨᠰᠸ᠎ᠠ
ᠦᠰᠦᠭ ᠬᠢᠨᠠᠭᠴᠢ ᠄ ᠪᠠᠶᠠᠷᠴᠡᠴᠡᠭ
