ᠰᠡᠪᠲᠦᠭᠡ ᠨᠢ ᠦᠭᠡᠢ ᠰᠡᠳᠬᠢᠯ- ᠠᠯᠲᠡᠨᠰᠥ᠋ᠮᠪᠤᠷСэвтээ ньгүй сэтгэл-алтансмбр
ᠰᠡᠪᠲᠦᠭᠡ ᠨᠢ ᠦᠭᠡᠢ ᠰᠡᠳᠬᠢᠯ
ᠰᠡᠪᠲᠦᠭᠡ ᠨᠢ ᠦᠭᠡᠢ ᠰᠡᠳᠬᠢᠯ- ᠠᠯᠲᠡᠨᠰᠥ᠋ᠮᠪᠤᠷ
ᠰᠢᠯᠦᠭ ᠄ ᠳ ·
ᠴᠡᠳᠠᠪ ( ᠮᠣᠩᠭᠣᠯ )
ᠠᠶ᠎ᠠ ᠄ ᠨ ·
ᠵᠠᠩᠴᠢᠩᠨᠣᠷᠪᠤ ( ᠮᠣᠩᠭᠣᠯ )
ᠳᠠᠭᠤᠴᠢᠨ ᠄
ᠠᠯᠲᠡᠨᠰᠥ᠋ᠮᠪᠤᠷ
ᠴᠠᠩ ᠴᠠᠩ ᠤᠨ ᠵᠡᠯᠡᠯᠡᠭᠡ ᠰᠢᠭ᠌ ᠥᠩᠭᠡᠷᠡᠬᠦ
ᠴᠠᠭ ᠴᠠᠭ ᠤᠨ ᠤᠷᠤᠰᠬᠠᠯ ᠳᠤ ᠨᠢ ᠪᠣᠯᠪᠠᠯ ᠳ᠋ᠠ ᠬᠦ᠋
ᠰᠡᠷᠭᠦᠯᠡᠩ ᠴᠣᠪᠣᠭᠣ ᠴᠢᠮ᠎ᠠ ᠶ᠋ᠢ ᠪᠡᠨ ᠭᠡᠰᠡᠨ
ᠰᠡᠳᠬᠢᠯ ᠦᠨ ᠲᠣᠯᠢ ᠨᠢ ᠰᠡᠪᠲᠦᠭᠡ ᠨᠢ ᠦᠭᠡᠢ ᠶᠸ
ᠬᠥᠰᠭᠡ ᠬᠥᠰᠭᠡ ᠶ᠋ᠢᠨ ᠬᠦᠪᠦᠷᠡᠭᠡ ᠰᠢᠭ᠌ ᠥᠩᠭᠡᠷᠡᠬᠦ
ᠬᠣᠨᠣᠭ ᠬᠣᠨᠣᠭ ᠤᠨ ᠤᠷᠤᠰᠬᠠᠯ ᠳᠤ ᠨᠢ ᠪᠣᠯᠪᠠᠯ ᠳ᠋ᠠ ᠬᠦ᠋
ᠡᠶᠡᠯᠳᠡᠭ ᠳᠠᠷᠤᠤ ᠴᠢᠮ᠎ᠠ ᠶ᠋ᠢ ᠪᠡᠨ ᠭᠡᠰᠡᠨ
ᠢᠲᠡᠭᠡᠯ ᠦᠨ ᠰᠦᠯᠳᠡ ᠨᠢ ᠡᠯᠡᠭᠳᠡᠭᠡ ᠨᠢ ᠦᠭᠡᠢ ᠶᠸ
ᠬᠤᠨ ᠬᠤᠨ ᠪ ᠴᠤᠪᠤᠭ᠎ᠠ ᠰᠢᠬ ᠥᠩᠭᠡᠷᠡᠬᠦ
ᠰᠠᠷ᠎ᠠ ᠰᠠᠷ᠎ᠠ ᠶ᠋ᠢᠨ ᠤᠷᠤᠰᠬᠠᠯ ᠳᠤ ᠨᠢ ᠪᠣᠯᠪᠠᠯ ᠳ᠋ᠠ ᠬᠦ᠋
ᠢᠯᠳᠠᠮ ᠳᠥᠯᠭᠡᠨ ᠴᠢᠮ᠎ᠠ ᠶ᠋ᠢ ᠪᠡᠨ ᠭᠡᠰᠡᠨ
ᠢᠨᠠᠭ ᠤᠨ ᠨᠠᠷᠠᠨ ᠬᠬᠢᠷᠲᠦᠭᠡ ᠨᠢ ᠦᠭᠡᠢ ᠶᠸ
ᠵᠢᠩ ᠵᠢᠩ ᠦᠨ ᠵᠢᠭᠳᠡᠷᠡᠭᠡ ᠰᠢᠭ᠌ ᠥᠩᠭᠡᠷᠡᠬᠦ
ᠵᠢᠯ ᠵᠢᠯ ᠦᠨ ᠤᠷᠤᠰᠬᠠᠯ ᠨᠢ ᠪᠣᠯᠪᠠᠯ ᠳ᠋ᠠ ᠬᠦ᠋
ᠬᠠᠶ᠋ᠢᠯᠭᠠᠨ ᠴᠠᠶ᠋ᠢᠯᠭᠠᠨ ᠴᠢᠮ᠎ᠠ ᠶ᠋ᠢ ᠪᠡᠨ ᠭᠡᠰᠡᠨ
ᠬᠠᠯᠠᠮᠵᠢ ᠶ᠋ᠢᠨ ᠢᠯᠴᠢ ᠨᠢ ᠬᠠᠷᠢᠭ᠎ᠠ ᠨᠢ ᠦᠭᠡᠢ ᠶᠸ
ᠬᠠᠶ᠋ᠢᠯᠭᠠᠨ ᠴᠠᠶ᠋ᠢᠯᠭᠠᠨ ᠴᠢᠮ᠎ᠠ ᠶ᠋ᠢ ᠪᠡᠨ ᠭᠡᠰᠡᠨ
ᠬᠠᠯᠠᠮᠵᠢ ᠶ᠋ᠢᠨ ᠢᠯᠴᠢ ᠨᠢ ᠬᠠᠷᠢᠭ᠎ᠠ ᠨᠢ ᠦᠭᠡᠢ ᠶᠸ
