ᠡᠭᠦᠯᠡᠨ ᠴᠡᠩᠬᠡᠷ ᠬᠠᠩᠭᠠᠢ- ᠯ · ᠪᠠᠨᠽᠠᠷᠠᠭᠴᠢҮүлэн цэнхэр хангай-л · банзрагч ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠭᠦᠯᠡᠨ ᠴᠡᠩᠬᠡᠷ ᠬᠠᠩᠭᠠᠢ- ᠯ · ᠪᠠᠨᠽᠠᠷᠠᠭᠴᠢҮүлэн цэнхэр хангай-л · банзрагч

ᠡᠭᠦᠯᠡᠨ ᠴᠡᠩᠬᠡᠷ ᠬᠠᠩᠭᠠᠢ- ᠯ · ᠪᠠᠨᠽᠠᠷᠠᠭᠴᠢҮүлэн цэнхэр хангай-л · банзрагч

ᠠᠩᠭᠢᠯᠠᠯ:ᠳᠠᠭᠤᠤ ᠬᠥᠭᠵᠢᠮ
2023-02-19

522

ᠡᠭᠦᠯᠡᠨ ᠴᠡᠩᠬᠡᠷ ᠬᠠᠩᠭᠠᠢ

    ᠦᠭᠡ ᠄ ᠪ · ᠯᠾᠬᠠᠰᠥ᠋ᠷᠥᠩ
   
ᠠᠶ᠎ᠠ ᠄ ᠴ · ᠴᠢᠩᠵᠤᠷᠢᠬ
   
ᠳᠠᠭᠤᠴᠢᠨ ᠄ ᠯ · ᠪᠠᠨᠽᠠᠷᠠᠭᠴᠢ
ᠡᠭᠦᠯᠡ ᠭᠡᠵᠢᠭᠡᠳᠡᠨ ᠨᠠᠶ᠋ᠢᠭᠤᠬᠤ
ᠠᠷᠤ ‍ᠶ᠋ᠢᠨ ᠨᠣᠮᠢᠨ ᠰᠢᠭᠤᠢ
ᠦᠷᠡᠯ ᠪᠤᠷᠠᠮ ‍ᠦᠨ ᠵᠢᠮᠢᠰ ᠨᠢ
ᠠᠳᠬᠤᠨ ‍ᠳᠤ ᠤᠨᠠᠳᠠᠭ ᠬᠠᠩᠭᠠᠢ
ᠥᠷᠯᠥᠭᠡ ᠳᠠᠭᠤᠯᠠᠭᠰᠠᠨ ᠳᠠᠭᠤᠤ ᠮᠢᠨᠢ
ᠡᠳᠦᠷᠵᠢᠨ ᠬᠤᠷᠭᠠᠳᠠᠭ ᠰᠢᠭᠤᠢ
ᠨᠥᠮᠥᠭᠡᠨ ᠴᠠᠭᠠᠨ ᠮᠠᠨᠠᠨ
ᠨᠥᠮᠥᠷᠢ ‍ᠳᠦ ᠨᠢ ᠬᠣᠷᠭᠣᠳᠠᠳᠠᠭ ᠬᠠᠩᠭᠠᠢ
ᠨᠥᠮᠥᠭᠡᠨ ᠴᠠᠭᠠᠨ ᠮᠠᠨᠠᠨ
ᠨᠥᠮᠥᠷᠢ ‍ᠳᠦ ᠨᠢ ᠬᠣᠷᠭᠣᠳᠠᠳᠠᠭ ᠬᠠᠩᠭᠠᠢ

ᠵᠡᠷᠯᠢᠭ ᠬᠠᠯᠢᠭᠤᠨ ᠪᠤᠭᠤ ᠨᠢ
ᠮᠥᠴᠢᠷ ‍ᠢ ᠨᠢ ᠬᠥᠨᠳᠡᠳᠡᠭ ᠦᠭᠡᠢ ᠰᠢᠭᠤᠢ
ᠵᠢᠰᠦ ᠨᠢ ᠴᠣᠬᠣᠷ ᠢᠨᠵᠠᠭ᠎ᠠ ᠨᠢ
ᠰᠥᠭᠥᠳᠴᠦ ᠲᠥᠷᠥᠳᠡᠭ ᠬᠠᠩᠭᠠᠢ
ᠬᠣᠲᠠᠯᠠ ‍ᠶ᠋ᠢᠨ ᠮᠡᠯᠮᠡᠢ ‍ᠳᠦ ᠦᠨᠦᠰᠦᠭᠦᠯᠦᠭᠰᠡᠨ
ᠦᠨᠳᠦᠰᠦ ᠪᠦᠲᠦᠨ ᠰᠢᠭᠤᠢ
ᠬᠣᠷᠣᠵᠤ ᠬᠣᠲᠣᠶ᠋ᠢᠬᠤ ‍ᠶ᠋ᠢᠨ ᠤᠴᠢᠷ ᠦᠭᠡᠢ
ᠡᠭᠦᠯᠡᠨ ᠴᠡᠩᠬᠡᠷ ᠬᠠᠩᠭᠠᠢ
ᠬᠣᠷᠣᠵᠤ ᠬᠣᠲᠣᠶ᠋ᠢᠬᠤ ‍ᠶ᠋ᠢᠨ ᠤᠴᠢᠷ ᠦᠭᠡᠢ
ᠡᠭᠦᠯᠡᠨ ᠴᠡᠩᠬᠡᠷ ᠬᠠᠩᠭᠠᠢ
ᠡᠭᠦᠯᠡᠨ ᠴᠡᠩᠬᠡᠷ ᠬᠠᠩᠭᠠᠢ