ᠪᠢᠲᠡᠭᠦᠨ ᠪ ᠡᠳᠦᠷ ᠪᠣᠯᠤᠨ ᠲᠡᠭᠦᠨ ᠡᠴᠡ ᠡᠮᠦᠨ᠎ᠡ ᠵᠠᠪᠠᠯ ᠬᠢᠬᠦ ᠶᠣᠰᠣᠲᠠᠢ ᠵᠦᠢᠯᠡᠰБитүүний өдөр болон түүнээс өмнө заавал хийх ёстой Зүйлс
ᠪᠢᠲᠡᠭᠦᠨ ᠦ ᠡᠳᠦᠷ ᠪᠣᠯᠤᠨ ᠲᠡᠭᠦᠨ ᠡᠴᠡ ᠡᠮᠦᠨ᠎ᠡ ᠵᠠᠪᠠᠯ ᠬᠢᠬᠦ ᠶᠣᠰᠣᠲᠠᠢ ᠵᠦᠢᠯᠡᠰ
ᠪᠢᠯᠢᠭ ᠦ᠋ᠨ ᠤᠯᠠᠷᠢᠯ ᠤ᠋ᠨ ᠰᠠᠷ᠎ᠠ ᠪᠦᠷᠢ ᠶ᠋ᠢᠨ ᠭᠤᠴᠢᠨ ᠳ᠋ᠤ᠌ ᠲᠩᠷᠢ ᠳ᠋ᠦ᠍ ᠰᠠᠷᠠᠨ ᠦᠯᠦ ᠦᠵᠡᠭᠳᠡᠬᠦ ᠪᠢᠲᠡᠭᠦᠦ ᠬᠠᠷᠠᠩᠭᠤᠢ ᠪᠠᠢᠳᠠᠭ ᠲᠤᠯᠠ ᠰᠠᠷ᠎ᠠ ᠰᠢᠨ᠎ᠡ ᠶ᠋ᠢᠨ ᠡᠮᠦᠨᠡᠬᠢ ᠡᠳᠦᠷ ᠢ᠋ 《ᠪᠢᠲᠡᠭᠦᠨ》 ᠭᠡᠮᠡᠨ ᠨᠡᠷᠡᠢᠳᠦᠭᠰᠡᠨ ᠪᠠᠢᠨ᠎ᠠ᠃ ᠮᠣᠩᠭᠣᠯᠴᠤᠳ ᠡᠪᠦᠯ ᠦ᠋ᠨ ᠠᠳᠠᠭ ᠰᠠᠷ᠎ᠠ ᠶ᠋ᠢᠨ 30 ᠶ᠋ᠢ ᠪᠤᠴᠠᠵᠤ ᠪᠠᠢᠭ᠎ᠠ ᠪᠤᠭᠤᠷᠤᠯ ᠵᠢᠯ ᠦ᠋ᠨ ᠣᠲᠣᠭᠠᠯᠠᠬᠤ ᠡᠳᠦᠷ ᠪᠤᠶᠤ ᠬᠠᠭᠤᠴᠢᠨ ᠣᠨ ᠤ᠋ ᠪᠢᠲᠡᠭᠦᠷᠡᠨ ᠬᠠᠩᠬᠢᠷᠰᠠᠬᠤ ᠴᠠᠭ ᠭᠡᠮᠡᠨ ᠪᠡᠯᠭᠡᠳᠡᠨ ᠰᠡᠳᠬᠢᠵᠦ᠂ ᠲᠡᠷᠡ ᠬᠦ᠌ ᠪᠡᠯᠭᠡᠳᠡᠯ ᠢ᠋ ᠪᠠᠰᠠ ᠵᠠᠩ ᠵᠦᠢᠯ ᠢ᠋ᠶ᠋ᠡᠷ ᠪᠠᠲᠤᠳᠬᠠᠨ ᠦᠳᠡᠬᠦ ᠶᠣᠰᠣ ᠵᠠᠩᠰᠢᠯ ᠲᠠᠢ ᠪᠠᠢᠵᠠᠢ᠃ ᠢᠩᠭᠢᠭᠡᠳ ᠪᠢᠳᠡ ᠪᠢᠲᠡᠭᠦᠨ ᠦ᠌ ᠡᠳᠦᠷ ᠪᠣᠯᠤᠨ ᠲᠡᠭᠦᠨ ᠡᠴᠡ ᠡᠮᠦᠨ᠎ᠡ ᠵᠠᠪᠠᠯ ᠬᠢᠬᠦ ᠶᠣᠰᠣᠲᠠᠢ ᠵᠦᠢᠯᠡᠰ ᠢ᠋ ᠬᠦᠷᠭᠡᠵᠦ ᠪᠠᠢᠨ᠎ᠠ᠃
1. ᠥᠷᠢ ᠵᠢᠭᠡᠯᠡᠭᠡ ᠪᠠᠷᠠᠭᠳᠠᠭᠤᠯᠬᠤ
ᠡᠪᠦᠯ ᠦ᠋ᠨ ᠠᠳᠠᠭ ᠰᠠᠷ᠎ᠠ ᠪᠤᠶᠤ 《ᠯᠠᠪᠠᠢ》 ᠰᠠᠷ᠎ᠠ ᠶ᠋ᠢᠨ ᠬᠣᠷᠢᠨ ᠭᠤᠷᠪᠠᠨ ᠢ᠋ᠶ᠋ᠠᠨ ᠭᠠᠯ ᠤ᠋ᠨ ᠲᠠᠬᠢᠯᠭ᠎ᠠ ᠬᠢᠭᠰᠡᠨ ᠴᠠᠭ ᠠ᠋ᠴᠠ ᠬᠣᠢᠰᠢ ᠳᠥᠲᠡᠯᠡᠨ ᠢᠷᠡᠵᠦ ᠪᠣᠢ ᠰᠢᠨ᠎ᠡ ᠣᠨ ᠳ᠋ᠤ᠌ ᠪᠠᠨ ᠬᠠᠭᠤᠴᠢᠨ ᠤᠯᠠᠷᠢᠯ ᠤ᠋ᠨ ᠥᠷᠢ ᠰᠢᠷᠢ᠂ ᠥᠭᠭᠦᠯᠭᠡ ᠠᠪᠤᠯᠭ᠎ᠠ ᠶ᠋ᠢ ᠳᠠᠮᠵᠢᠭᠤᠯᠬᠤ ᠦᠭᠡᠢ ᠪᠠᠢᠬᠤ ᠶ᠋ᠢ ᠲᠤᠢᠯ ᠠ᠋ᠴᠠ ᠬᠢᠴᠢᠶᠡᠵᠦ᠂ ᠬᠥᠮᠦᠨ ᠠᠮᠢᠲᠠᠨ ᠠ᠋ᠴᠠ ᠵᠢᠭᠡᠯᠡᠭᠰᠡᠨ ᠮᠥᠩᠭᠥ ᠵᠣᠭᠣᠰ᠂ ᠡᠳ᠋ ᠮᠠᠯ ᠪᠠᠢᠪᠠᠯ ᠳᠠᠷᠤᠢᠬᠠᠨ ᠡᠭᠡᠭᠦᠯᠦᠨ ᠥᠭᠪᠡᠯ ᠵᠣᠬᠢᠯᠲᠠᠢ᠃
2. ᠠᠮᠠ ᠮᠤᠷᠤᠢᠭᠰᠠᠨ ᠬᠥᠮᠦᠨ ᠲᠡᠢ ᠪᠡᠨ ᠡᠪᠯᠡᠷᠡᠬᠦ
ᠤᠷᠢᠳᠤ ᠶ᠋ᠢᠨ ᠮᠤᠷᠤᠢ ᠮᠤᠯᠭᠤᠢ ᠬᠣᠶᠠᠷ ᠢ᠋ᠶ᠋ᠠᠨ ᠵᠠᠪᠳᠤᠨ ᠵᠠᠰᠠᠬᠤ ᠶ᠋ᠢᠨ ᠲᠤᠯᠠ ᠡᠪ ᠲᠦᠨᠵᠢᠩ ᠡᠪᠳᠡᠷᠡᠭᠰᠡᠨ᠂ ᠠᠮᠠ ᠬᠠᠮᠠᠷ ᠮᠤᠷᠤᠢᠭᠰᠠᠨ ᠬᠡᠨ ᠬᠥᠮᠦᠨ ᠲᠡᠢ ᠴᠦ᠍ ᠭᠡᠰᠡᠨ ᠵᠣᠷᠢᠭᠤᠳᠠ ᠠᠭᠤᠯᠵᠠᠨ ᠤᠴᠠᠷᠠᠵᠤ ᠲᠠᠭᠠᠲᠠᠢ ᠰᠠᠢᠨ ᠦᠭᠡ ᠶ᠋ᠢ ᠶᠠᠷᠢᠵᠤ ᠲᠠᠮᠠᠬᠢ ᠪᠠᠨ ᠰᠢᠪᠰᠢᠯᠴᠡᠨ᠂ 《ᠬᠣᠨᠵᠢᠩ ᠰᠠᠨᠠᠬᠤ ᠦᠭᠡᠢ᠂ ᠬᠣᠶᠠᠷ ᠪᠡᠶ᠎ᠡ ᠳ᠋ᠦ᠍ ᠪᠡᠨ ᠦᠰ ᠡᠪᠦᠷᠯᠡᠬᠦ ᠦᠭᠡᠢ》 ᠶᠠᠪᠤᠬᠤ ᠤᠴᠢᠷ ᠢ᠋ᠶ᠋ᠠᠨ ᠬᠡᠯᠡᠯᠴᠡᠨ ᠮᠠᠭᠤ ᠮᠤᠨᠳᠠᠷ ᠪᠦᠬᠦᠨ ᠢ᠋ᠶ᠋ᠡᠨ ᠰᠡᠳᠬᠢᠯ ᠦ᠋ᠨ ᠮᠤᠬᠤᠷ ᠠ᠋ᠴᠠ ᠦᠯᠳᠡᠨ ᠬᠥᠭᠡᠭᠡᠬᠦ ᠶᠣᠰᠣᠲᠠᠢ᠃
3. ᠢᠳᠡᠭᠡ ᠤᠮᠳᠠᠭ᠎ᠠ ᠶ᠋ᠢ ᠪᠡᠨ ᠪᠡᠯᠡᠳᠬᠦ
ᠡᠪᠦᠯ ᠦ᠋ᠨ ᠠᠳᠠᠭ ᠰᠠᠷ᠎ᠠ ᠶ᠋ᠢᠨ 25 ᠠ᠋ᠴᠠ ᠡᠬᠢᠯᠡᠨ ᠪᠢᠲᠡᠭᠦᠯᠢᠭ ᠴᠠᠭᠠᠯᠠᠭ᠎ᠠ ᠶ᠋ᠢᠨ ᠢᠳᠡᠭᠡ ᠶ᠋ᠢ ᠭᠡᠷ ᠬᠣᠲᠠᠯᠠᠭᠠᠷ ᠢ᠋ᠶ᠋ᠠᠨ ᠬᠠᠮᠵᠢᠨ ᠳᠠᠮᠵᠢᠨ ᠪᠡᠯᠡᠳᠬᠡᠬᠦ ᠪᠥᠭᠡᠳ ᠪᠤᠤᠵᠠ ᠬᠢᠵᠦ᠂ ᠪᠠᠩᠰᠢ ᠴᠢᠮᠬᠢᠵᠦ ᠬᠥᠯᠳᠡᠭᠡᠬᠦ ᠶ᠋ᠢᠨ ᠳᠡᠭᠡᠷ᠎ᠡ ᠢᠳᠡᠭᠡᠨ ᠦ᠌ ᠪᠣᠣᠪᠣ᠂ ᠵᠠᠷᠤᠭᠠᠯ ᠤ᠋ᠨ ᠪᠣᠣᠪᠣ ᠶ᠋ᠢ ᠰᠢᠬᠢᠷ ᠪᠤᠷᠠᠮ ᠰᠢᠷ᠎ᠠ ᠲᠣᠰᠣ ᠪᠠᠷ ᠠᠮᠲᠠᠯᠠᠨ ᠬᠢᠵᠦ ᠴᠢᠨᠠᠳᠠᠭ᠃
4. ᠣᠷᠣᠨ ᠭᠡᠷ ᠢ᠋ᠶ᠋ᠡᠨ ᠴᠡᠪᠡᠷᠯᠡᠬᠦ
《ᠯᠠᠪᠠᠢ》 ᠰᠠᠷ᠎ᠠ ᠶ᠋ᠢᠨ 29 ᠳ᠋ᠦ᠍ ᠠᠢᠯ ᠬᠣᠲᠠᠯᠠᠭᠠᠷ ᠢ᠋ᠶ᠋ᠠᠨ ᠪᠤᠷᠬᠠᠨ ᠰᠢᠲᠦᠭᠡᠨ ᠢ᠋ᠶ᠋ᠡᠨ ᠲᠠᠬᠢᠵᠤ᠂ ᠭᠡᠷ ᠣᠷᠣᠨ ᠤ᠋ ᠪᠠᠨ ᠲᠣᠭᠣᠰᠣ ᠲᠣᠪᠷᠠᠭ ᠢ᠋ ᠦᠷᠭᠦᠭᠡᠵᠦ᠂ ᠤᠲᠤᠭ᠎ᠠ ᠢᠰᠡᠭᠡᠢ ᠶ᠋ᠢ ᠴᠡᠪᠡᠷᠯᠡᠨ ᠬᠣᠲᠠ ᠬᠣᠷᠣᠭ᠎ᠠ ᠪᠠᠨ ᠵᠠᠰᠠᠵᠤ᠂ ᠬᠣᠭ ᠪᠤᠷᠲᠠᠭ ᠢ᠋ ᠲᠡᠭᠦᠵᠦ ᠴᠡᠮᠴᠡᠢᠯᠭᠡᠬᠦ ᠡᠴᠡ ᠡᠬᠢᠯᠡᠭᠡᠳ ᠮᠠᠯ ᠠᠳᠤᠭᠤᠰᠤᠨ ᠤ᠋ ᠰᠡᠭ᠂ ᠵᠠᠮ᠂ ᠥᠪᠳᠡᠯ ᠴᠥᠪᠥᠳᠡᠯ ᠢ᠋ ᠬᠦᠷᠲᠡᠯ᠎ᠡ ᠪᠤᠯᠠᠵᠤ᠂ ᠳᠠᠯᠳᠠᠯᠠᠳᠠᠭ ᠪᠠᠢᠭᠰᠠᠨ᠃
ᠪᠢᠲᠡᠭᠦᠦ ᠭᠠᠷᠭᠠᠬᠤ ᠶᠣᠰᠣ
5. ᠰᠠᠢᠨ ᠰᠠᠢᠬᠠᠨ ᠢ᠋ ᠳᠠᠯᠠᠯᠤᠨ ᠳᠠᠭᠤᠳᠠᠬᠤ
ᠪᠢᠲᠡᠭᠦᠨ ᠦ᠌ ᠣᠷᠣᠢ ᠬᠣᠨᠢ ᠮᠠᠯ ᠢ᠋ᠶ᠋ᠠᠨ ᠬᠣᠲᠠᠯᠠᠭᠤᠯᠤᠨ᠂ ᠭᠡᠷ ᠦ᠋ᠨ ᠡᠵᠡᠨ ᠢᠳᠡᠭᠡᠯᠡᠬᠦ ᠤᠮᠳᠠᠭᠠᠯᠠᠬᠤ ᠶ᠋ᠢᠨ ᠢ᠋ᠶ᠋ᠡᠨ ᠡᠮᠦᠨ᠎ᠡ ᠭᠡᠷ ᠦ᠋ᠨ ᠢ᠋ᠶ᠋ᠡᠨ ᠪᠠᠷᠠᠭᠤᠨ ᠲᠣᠲᠣᠭᠣᠨ ᠤ᠋ ᠳᠡᠭᠡᠷ᠎ᠡ ᠴᠠᠭᠠᠨ ᠴᠢᠯᠠᠭᠤ ᠶᠤᠮ ᠤᠤ᠂ ᠴᠡᠪᠡᠷ ᠲᠤᠩᠭᠠᠯᠠᠭ ᠴᠠᠰᠤ᠂ ᠮᠥᠰᠥ ᠭᠤᠷᠪᠠᠯᠠᠨ ᠲᠠᠯᠪᠢᠵᠤ᠂ ᠰᠠᠢᠨ ᠵᠦᠭ ᠦ᠋ᠨ ᠡᠵᠡᠳ ᠰᠠᠬᠢᠭᠤᠯᠰᠤᠨ ᠤ᠋ ᠣᠷᠣᠬᠤ ᠡᠭᠦᠳᠡ ᠶ᠋ᠢ ᠨᠡᠭᠡᠭᠡᠬᠦ ᠶ᠋ᠢᠨ ᠬᠠᠮᠲᠤ᠂ ᠵᠡᠭᠦᠨ ᠲᠣᠲᠣᠭᠣᠨ ᠤ᠋ ᠳᠡᠭᠡᠷ᠎ᠡ ᠥᠷᠭᠡᠰᠦ ᠬᠠᠷᠭᠠᠨ᠎ᠠ᠂ ᠰᠢᠷᠠᠯᠵᠢ ᠲᠠᠯᠪᠢᠵᠤ ᠮᠠᠭᠤ ᠵᠦᠭ ᠦ᠋ᠨ ᠠᠳᠠ ᠴᠢᠳᠬᠥᠷ ᠦ᠋ᠨ ᠬᠣᠣᠷᠯᠠᠯ ᠢ᠋ ᠬᠠᠭᠠᠵᠤ ᠲᠠᠯᠪᠢᠳᠠᠭ ᠪᠠᠢᠨ᠎ᠠ᠃
6. ᠪᠢᠲᠡᠭᠦᠯᠡᠬᠦ
ᠪᠢᠲᠡᠭᠦᠯᠢᠭ ᠦ᠋ᠨ ᠢᠳᠡᠭᠡ ᠪᠤᠳᠠᠭ᠎ᠠ ᠶ᠋ᠢ ᠪᠡᠨ ᠪᠠᠵᠠᠭᠠᠨ ᠵᠡᠬᠡᠵᠦ᠂ ᠡᠬᠢᠯᠡᠭᠡᠳ ᠭᠡᠷ ᠭᠡᠷ ᠲᠦ᠍ ᠪᠡᠨ ᠪᠢᠲᠡᠭᠦᠷᠡᠨᠡ᠃ ᠥᠲᠡᠭᠦᠰ ᠪᠤᠭᠤᠷᠤᠯ ᠳ᠋ᠤ᠌ ᠪᠠᠨ ᠣᠯᠪᠣᠭ ᠳᠡᠪᠢᠰᠬᠡᠷ ᠢ᠋ᠶ᠋ᠡᠨ ᠳᠡᠪᠢᠰᠦᠨ᠂ ᠡᠷᠲᠡᠭᠡᠷ ᠰᠢᠷᠡᠭᠡ ᠪᠡᠨ ᠵᠠᠰᠠᠵᠤ ᠳᠡᠭᠡᠷ᠎ᠡ ᠨᠢ ᠢᠳᠡᠭᠡ ᠤᠮᠳᠠᠭᠠᠨ ᠤ᠋ ᠪᠠᠨ ᠳᠡᠭᠡᠵᠢ ᠶ᠋ᠢ ᠵᠡᠭᠦᠨ ᠡᠴᠡ ᠪᠠᠷᠠᠭᠤᠨ ᠳᠠᠰᠢ ᠳᠡᠰᠯᠡᠭᠦᠯᠦᠨ ᠦᠷᠦᠵᠦ᠂ ᠭᠠᠯ ᠳ᠋ᠤ᠌ ᠪᠠᠨ ᠡᠷᠭᠦᠵᠦ ᠪᠤᠷᠬᠠᠨ ᠳ᠋ᠤ᠌ ᠪᠠᠨ ᠳᠡᠭᠡᠵᠢᠯᠡᠭᠰᠡᠨ ᠦ᠌ ᠳᠠᠷᠠᠭ᠎ᠠ ᠭᠡᠷ ᠦ᠋ᠨ ᠡᠵᠡᠨ ᠳ᠋ᠦ᠍ ᠪᠡᠨ ᠴᠠᠢ ᠶ᠋ᠢᠨ ᠢ᠋ᠶ᠋ᠡᠨ ᠳᠡᠭᠡᠵᠢ ᠶ᠋ᠢ ᠭᠡᠷ ᠦ᠋ᠨ ᠡᠵᠡᠨ ᠳ᠋ᠦ᠍ ᠪᠡᠨ ᠨᠠᠷᠠ ᠵᠥᠪ ᠡᠷᠭᠢᠭᠦᠯᠦᠨ ᠡᠬᠢᠯᠡᠵᠦ ᠠᠶᠠᠭᠠᠯᠠᠵᠤ ᠪᠠᠷᠢᠳᠠᠭ᠃
7. ᠪᠠᠶᠠᠷᠯᠠᠵᠤ᠂ ᠨᠠᠢᠷᠯᠠᠬᠤ
ᠬᠣᠢᠮᠣᠷ ᠲᠤ᠌ ᠵᠠᠯᠠᠷᠠᠭᠰᠠᠨ ᠪᠤᠭᠤᠷᠤᠯ ᠬᠠᠶᠠᠭᠠᠲᠠᠨ ᠨᠤᠭᠤᠳ ᠨᠢ ᠨᠠᠮᠤᠷ ᠤ᠋ᠨ ᠨᠥᠭᠡᠴᠡᠯᠡᠭᠰᠡᠨ ᠬᠠᠯᠠᠭᠠᠭᠰᠠᠨ ᠠᠢᠷᠠᠭ ᠪᠠᠬᠠᠳᠤᠨ ᠰᠢᠮᠡᠵᠦ᠂ 《ᠳᠥᠴᠢ ᠬᠦᠷᠦᠭᠡᠳ ᠳᠥᠩᠭᠡᠵᠢ ᠠᠮᠰᠠ᠂ ᠲᠠᠪᠢ ᠬᠦᠷᠦᠭᠡᠳ ᠲᠠᠭᠠᠷᠠᠭᠤᠯᠵᠤ ᠪᠠᠯᠭ᠎ᠠ᠂ ᠵᠢᠷᠠ ᠬᠦᠷᠦᠭᠡᠳ ᠵᠢᠷᠭᠠᠵᠤ ᠭᠥᠷᠳᠡ》ᠭᠡᠳᠡᠭ ᠶᠣᠰᠣ ᠡᠷᠢᠮᠪᠡ ᠶ᠋ᠢᠨ ᠳᠠᠭᠠᠤ ᠲᠡᠳᠡᠨ ᠳ᠋ᠦ᠍ ᠢᠷᠦᠭᠡᠯ ᠠᠢᠯᠠᠳᠴᠤ᠂ ᠠᠷᠢᠬᠢ ᠰᠠᠷᠬᠤᠳ ᠬᠦᠷᠲᠡᠭᠡᠳᠡᠭ᠃ ᠪᠢᠲᠡᠭᠦᠨ ᠦ᠌ ᠨᠠᠷᠭᠢᠶᠠᠨ ᠨᠠᠭᠠᠳᠤᠮ ᠢ᠋ᠶ᠋ᠠᠷ ᠰᠢᠨ᠎ᠡ ᠪᠡᠷᠢ ᠪᠡᠷ ᠳᠠᠭᠤᠤ ᠳᠠᠭᠤᠯᠠᠭᠤᠯᠬᠤ᠂ ᠬᠡᠷᠪᠡ ᠳᠠᠭᠤᠯᠠᠵᠤ ᠮᠡᠳᠡᠬᠦ ᠦᠭᠡᠢ ᠴᠢᠳᠠᠬᠤ ᠦᠭᠡᠢ ᠭᠡᠪᠡᠯ ᠠᠬᠠᠮᠠᠳ ᠪᠡᠷᠭᠡᠳ ᠢ᠋ᠶ᠋ᠡᠷ ᠲᠥᠯᠥᠭᠡᠯᠡᠭᠦᠯᠬᠦ᠂ ᠲᠠᠯᠠᠴᠠᠨ ᠳᠠᠭᠤᠯᠠᠬᠤ᠂ ᠬᠤᠸᠠᠯᠠᠬᠤ ᠶᠣᠰᠣ ᠪᠣᠢ᠃
8. ᠵᠣᠭᠣᠭ ᠢ᠋ ᠶᠣᠰᠣ᠂ ᠵᠢᠷᠤᠮ ᠢ᠋ᠶ᠋ᠠᠷ ᠨᠢ ᠪᠡᠯᠡᠳᠬᠡᠬᠦ
ᠪᠢᠲᠡᠭᠦᠨ ᠦ᠌ ᠡᠳᠦᠷ ᠦ᠋ᠨ ᠵᠣᠭᠣᠭ ᠡᠷᠡᠦ ᠶ᠋ᠢ ᠨᠢ ᠵᠠᠭᠠᠭᠠ ᠦᠭᠡᠢ ᠬᠣᠨᠢᠨ ᠤ᠋ ᠪᠢᠲᠡᠭᠦᠦ ᠲᠣᠯᠣᠭᠠᠢ ᠶᠤᠮ ᠤᠤ ᠡᠪᠴᠢᠭᠦᠦ ᠪᠠᠢᠳᠠᠭ᠃ ᠬᠡᠷᠪᠡ ᠡᠪᠴᠢᠭᠦᠦ ᠴᠢᠨᠠᠪᠠᠯ ᠡᠪᠴᠢᠭᠦᠦ ᠶ᠋ᠢ ᠥᠭᠡᠳᠡ ᠨᠢ ᠬᠠᠷᠠᠭᠤᠯᠤᠨ ᠳᠡᠭᠡᠷ᠎ᠡ ᠨᠢ ᠳᠠᠯᠤ ᠳᠥᠷᠪᠡᠨ ᠥᠨᠳᠥᠷ᠂ ᠬᠣᠩ ᠲᠠᠢ ᠱᠠᠭᠠᠨᠲᠤ᠂ ᠵᠠᠯᠠᠭ᠎ᠠ ᠲᠠᠢ ᠪᠣᠭᠲᠣᠰ ᠲᠠᠯᠪᠢᠨ᠎ᠠ᠃ ᠪᠢᠲᠡᠭᠦᠦ ᠲᠣᠯᠣᠭᠠᠢ ᠴᠢᠨᠠᠪᠠᠰᠤ ᠠᠮᠠᠨ ᠳ᠋ᠤ᠌ ᠨᠢ ᠡᠪᠡᠰᠦ ᠨᠣᠭᠣᠭ᠎ᠠ ᠶ᠋ᠢ ᠲᠥᠯᠥᠭᠡᠯᠡᠭᠦᠯᠦᠨ ᠰᠣᠩᠭᠢᠨ᠎ᠠ᠂ ᠰᠠᠷᠮᠢᠰ ᠵᠠᠭᠤᠯᠭᠠᠵᠤ ᠭᠤᠷᠭᠤᠤᠯᠳᠠᠢ ᠶ᠋ᠢᠨ ᠲᠦᠷᠡᠢ ᠲᠡᠢ ᠦᠵᠦᠭᠦᠷ ᠢ᠋ ᠲᠣᠯᠣᠭᠠᠢ ᠶ᠋ᠢᠨ ᠠᠷᠤ ᠳ᠋ᠤ᠌ ᠲᠠᠯᠪᠢᠵᠤ ᠭᠤᠷᠭᠤᠤᠯᠳᠠᠢ ᠪᠠᠷ ᠨᠠᠷᠠ ᠵᠥᠪ ᠣᠷᠢᠶᠠᠵᠤ ᠰᠡᠮᠡᠵᠡ ᠪᠡᠷ ᠨᠢ ᠪᠦᠲᠦᠭᠡᠨ ᠳᠠᠯᠤ ᠳᠥᠷᠪᠡᠨ ᠥᠨᠳᠥᠷ᠂ ᠬᠣᠩ ᠲᠠᠢ᠂ ᠱᠠᠭᠠᠨᠲᠤ ᠵᠠᠯᠠᠭ᠎ᠠ ᠲᠠᠢ ᠪᠣᠭᠳᠣᠰᠤᠨ ᠤ᠋ ᠠᠯᠢ ᠨᠢᠭᠡ ᠶ᠋ᠢ ᠲᠠᠯᠪᠢᠵᠤ ᠶᠣᠰᠣᠯᠠᠨ ᠪᠢᠲᠡᠭᠦᠯᠳᠡᠭ ᠪᠠᠢᠨ᠎ᠠ᠃
9. ᠪᠢᠲᠡᠭᠦᠦ ᠭᠠᠷᠭᠠᠬᠤ
ᠨᠤᠲᠤᠭ ᠪᠦᠷᠢ ᠶ᠋ᠢᠨ ᠪᠢᠲᠡᠭᠦᠯᠢᠭ ᠦ᠋ᠨ ᠶᠣᠰᠣ ᠥᠭᠡᠷ᠎ᠡ ᠪᠠᠢᠳᠠᠭ᠃ ᠵᠠᠷᠢᠮ ᠨᠤᠲᠤᠭ ᠲᠤ᠌ ᠴᠢᠮᠥᠭᠡ ᠲᠠᠰᠢᠵᠤ ᠪᠢᠲᠡᠭᠦᠦ ᠭᠠᠷᠭᠠᠬᠤ ᠳ᠋ᠤ᠌ ᠪᠠᠨ ᠭᠡᠷ ᠦ᠋ᠨ ᠡᠵᠡᠨ 《ᠱᠠᠭᠠᠨᠲᠤ ᠴᠢᠮᠥᠭᠡ ᠢᠳᠡᠵᠦ ᠰᠠᠢᠨ ᠮᠥᠯᠵᠢᠭᠡᠳ ᠪᠢᠲᠡᠭᠦᠦ ᠭᠠᠷᠭᠠᠬᠤ ᠤᠤ (ᠬᠠᠭᠠᠯᠬᠤ ᠤᠤ) ᠭᠡᠵᠦ ᠠᠰᠠᠭᠤᠬᠤ ᠳ᠋ᠤ᠌ ᠭᠡᠷ ᠳᠣᠲᠣᠷᠠᠬᠢ ᠪᠦᠬᠦ ᠬᠥᠮᠦᠨ 《ᠭᠠᠷᠭᠠᠶ᠎ᠠ᠂ ᠭᠠᠷᠭᠠᠶ᠎ᠠ》 ᠭᠡᠵᠡᠭᠡᠬᠦ ᠳ᠋ᠦ᠍ ᠨᠢᠭᠡ ᠤᠳᠠᠭ᠎ᠠ (ᠵᠠᠪᠠᠯ ᠬᠤᠭᠤᠷᠠᠬᠤ ᠪᠠᠷ) ᠲᠠᠰᠢᠵᠤ ᠬᠤᠭᠤᠯᠤᠭᠰᠠᠨ ᠢ᠋ᠶ᠋ᠠᠷ 《ᠪᠢᠲᠡᠭᠦᠦ ᠭᠠᠷᠤᠯ᠎ᠠ》 ᠭᠡᠮᠡᠨ ᠨᠠᠰᠤ ᠨᠠᠰᠤᠨ ᠤ᠋ ᠡᠷᠡᠮᠪᠡ ᠪᠡᠷ 《ᠲᠠᠪᠠᠲᠠᠢ ᠪᠢᠲᠡᠭᠦᠯᠵᠦ ᠪᠠᠢᠨ᠎ᠠ ᠤᠤ》 ᠭᠡᠮᠡᠨ ᠮᠡᠨᠳᠦᠯᠡᠵᠡᠭᠡᠳᠡᠭ ᠃
10. ᠵᠣᠭᠣᠭᠯᠠᠬᠤ
ᠪᠢᠲᠡᠭᠦᠦ ᠭᠠᠷᠭᠠᠬᠤ ᠶᠣᠰᠣᠯᠠᠯ ᠤ᠋ᠨ ᠳᠠᠷᠠᠭ᠎ᠠ ᠬᠠᠭᠤᠴᠢᠨ ᠣᠨ ᠢ᠋ ᠪᠢᠲᠡᠭᠦᠯᠡᠨ ᠦᠳᠡᠬᠦ᠂ ᠰᠢᠨ᠎ᠡ ᠣᠨ ᠢ᠋ ᠤᠭᠲᠤᠬᠤ ᠪᠡᠯᠭᠡ ᠳᠡᠮᠪᠡᠷᠢᠯ ᠦ᠋ᠨ ᠶᠣᠰᠣᠭᠠᠷ ᠪᠢᠲᠡᠭᠦᠦ ᠴᠢᠨᠠᠭᠰᠠᠨ ᠲᠣᠯᠣᠭᠠᠢ ᠶ᠋ᠢᠨ ᠱᠥᠯᠥ ᠭᠦᠴᠡ ᠪᠤᠶᠤ ᠪᠤᠤᠵᠠ᠂ ᠪᠠᠨᠤ ᠵᠡᠷᠭᠡ ᠶ᠋ᠢᠨ ᠪᠢᠲᠡᠭᠦᠦ ᠬᠣᠭᠣᠯᠠ ᠵᠣᠷᠭᠣ ᠪᠠᠷ ᠢᠳᠡᠵᠡᠭᠡᠨ 《ᠪᠢᠲᠡᠭᠦᠷᠡᠲᠡᠯᠡ》 ᠬᠣᠭᠣᠯᠠᠯᠠᠬᠤ ᠶ᠋ᠢ ᠴᠦ᠍ ᠡᠨᠳᠡ ᠣᠷᠣᠯᠴᠠᠭᠤᠯᠤᠨ ᠪᠡᠯᠭᠡᠳᠡᠯ ᠦ᠋ᠨ ᠤᠳᠬ᠎ᠠ ᠲᠠᠢ ᠭᠡᠮᠡᠨ ᠤᠬᠠᠭᠠᠷᠠᠬᠤ ᠤᠴᠢᠷᠲᠠᠢ᠃
11. ᠢᠳᠡᠭᠡ ᠵᠠᠰᠠᠬᠤ
ᠪᠢᠲᠡᠭᠦᠨ ᠦ᠌ ᠦᠳᠡᠰᠢ ᠲᠩᠷᠢ ᠳ᠋ᠦ᠍ ᠵᠠᠬ᠎ᠠ ᠶ᠋ᠢᠨ ᠭᠠᠭᠴᠠ ᠣᠳᠣ ᠦᠵᠡᠭᠳᠡᠮᠡᠭᠴᠡ ᠴᠠᠭᠠᠯᠠᠭ᠎ᠠ ᠶ᠋ᠢᠨ ᠢᠳᠡᠭᠡ᠂ ᠪᠢᠲᠡᠭᠦᠯᠢᠭ ᠦ᠋ᠨ ᠰᠢᠭᠦᠰᠦ ᠵᠣᠭᠣᠭ ᠢ᠋ ᠵᠠᠰᠠᠵᠤ ᠡᠬᠢᠯᠡᠳᠡᠭ ᠶᠣᠰᠣᠨ ᠪᠣᠢ᠃ ᠡᠩ ᠲᠡᠷᠢᠭᠦᠨ ᠳ᠋ᠦ᠍ ᠪᠤᠷᠬᠠᠨ ᠳ᠋ᠤ᠌ ᠪᠠᠨ ᠤᠷᠤᠭ ᠰᠡᠭᠦᠯ᠂ ᠳᠠᠯᠤ ᠳᠥᠷᠪᠡᠨ ᠥᠨᠳᠥᠷ᠂ ᠬᠣᠩ ᠲᠠᠢ ᠱᠠᠭᠠᠨᠲᠤ᠂ ᠬᠤᠰᠢ᠂ ᠪᠦᠬᠦᠢ ᠨᠢᠭᠡᠨ ᠲᠠᠪᠠᠭ ᠢᠳᠡᠭᠡ᠂ ᠪᠣᠣᠪᠣ ᠪᠣᠭᠣᠷᠰᠣᠭ ᠴᠠᠭᠠᠨ ᠢᠳᠡᠭᠡ ᠪᠡᠷ ᠵᠠᠰᠠᠭᠰᠠᠨ ᠥᠭᠡᠷ᠎ᠡ ᠨᠢᠭᠡ ᠲᠠᠪᠠᠭ ᠨᠡᠢᠯᠡᠭᠡᠳ ᠬᠣᠶᠠᠷ ᠲᠠᠪᠠᠭ ᠴᠢᠮᠡᠵᠦ ᠵᠠᠰᠠᠳᠠᠭ᠃
12. ᠲᠣᠭᠯᠠᠵᠤ᠂ ᠨᠠᠭᠠᠳᠬᠤ
ᠪᠢᠲᠡᠭᠦᠯᠢᠭ ᠦ᠋ᠨ ᠢᠳᠡᠭᠡ ᠪᠤᠳᠠᠭᠠᠨ ᠠ᠋ᠴᠠ ᠴᠠᠳᠲᠠᠯ᠎ᠠ ᠢᠳᠡᠵᠦ᠂ ᠤᠤᠭᠤᠵᠤ ᠭᠦᠢᠴᠡᠭᠰᠡᠨ ᠦ᠌ ᠬᠣᠢᠨ᠎ᠠ ᠰᠥᠨᠢ ᠳᠦᠯᠢ ᠥᠩᠭᠡᠷᠡᠲᠡᠯ᠎ᠡ ᠰᠢᠷᠡᠭᠡ᠂ ᠰᠢᠷᠳᠡᠭᠡᠨ ᠦ᠌ ᠣᠯᠠᠨ ᠲᠣᠭᠯᠠᠭᠠᠮ ᠢ᠋ᠶ᠋ᠠᠷ ᠲᠣᠭᠯᠠᠵᠤ ᠨᠠᠭᠠᠳᠳᠠᠭ ᠨᠢ ᠮᠥᠨ ᠯᠡ ᠶᠣᠰᠣ ᠪᠣᠯᠤᠭᠰᠠᠨ ᠵᠦᠢᠯ ᠶᠤᠮ᠃ ᠲᠣᠭᠯᠠᠭᠠᠮ ᠨᠠᠭᠠᠳᠤᠮ ᠤ᠋ᠨ ᠳᠤᠮᠳᠠ ᠠ᠋ᠴᠠ ᠱᠠᠭᠠᠢᠯᠴᠠᠬᠤ ᠶ᠋ᠢ ᠡᠷᠬᠢᠮ ᠳᠡᠭᠡᠳᠦ᠂ ᠪᠠᠬᠠᠲᠠᠢ᠂ ᠪᠡᠯᠭᠡ ᠳᠡᠮᠪᠡᠷᠢᠯ ᠲᠡᠢ ᠲᠣᠭᠯᠠᠭᠠᠮ ᠭᠡᠮᠡᠨ ᠦᠵᠡᠳᠡᠭ᠃ ᠪᠢᠲᠡᠭᠦᠯᠢᠭ ᠦ᠋ᠨ ᠳᠠᠷᠠᠭ᠎ᠠ ᠲᠣᠮᠣᠴᠤᠳ ᠨᠢ ᠱᠠᠭᠠᠢᠯᠴᠠᠵᠤ᠂ ᠪᠠᠭᠠᠴᠤᠳ ᠨᠢ ᠮᠣᠷᠢ ᠣᠷᠣᠯᠳᠣᠭᠤᠯᠳᠠᠭ ᠪᠠᠢᠨ᠎ᠠ᠃ ᠶᠡᠷᠦ ᠨᠢ ᠪᠢᠲᠡᠭᠦᠨ ᠦ᠌ ᠣᠷᠣᠢ ᠦᠯᠢᠭᠡᠷ ᠲᠤᠤᠯᠢ ᠶᠠᠷᠢᠬᠤ ᠠ᠋ᠴᠠ ᠡᠬᠢᠯᠡᠭᠡᠳ ᠱᠠᠭ᠎ᠠ ᠪᠠᠷ ᠮᠣᠷᠢ᠂ ᠲᠡᠮᠡᠭᠡ᠂ ᠳᠠᠭ᠎ᠠ ᠤᠷᠤᠯᠳᠤᠭᠤᠯᠬᠤ᠂ ᠳᠥᠷᠪᠡᠨ ᠪᠡᠷᠬᠡ ᠣᠷᠬᠢᠬᠤ᠂ ᠲᠡᠮᠡᠭᠡ ᠴᠣᠬᠢᠬᠤ᠂ ᠪᠤᠭᠤ ᠨᠡᠭᠦᠬᠦ᠂ ᠬᠣᠷᠯᠣ ᠽᠡᠨᠳᠡᠮᠦᠨᠢ ᠡᠪᠯᠡᠭᠦᠯᠬᠦ ᠵᠡᠷᠭᠡ ᠣᠯᠠᠨ ᠲᠥᠷᠥᠯ ᠢ᠋ᠶ᠋ᠡᠷ ᠨᠠᠭᠠᠳᠴᠤ ᠡᠬᠢᠯᠡᠭᠡᠳ ᠬᠣᠵᠢᠮ ᠠᠯᠠᠭ ᠮᠡᠯᠡᠬᠡᠢ ᠲᠣᠭᠯᠠᠳᠠᠭ ᠪᠣᠯᠤᠭᠰᠠᠨ᠃
ᠠᠯᠠᠭ ᠮᠡᠯᠡᠬᠡᠢ
ᠡᠨᠡ ᠨᠢ ᠮᠣᠩᠭᠣᠯ ᠳᠣᠮᠣᠭ ᠵᠦᠢ ᠶ᠋ᠢᠨ ᠶᠢᠷᠲᠢᠨᠴᠦ ᠶ᠋ᠢᠨ ᠡᠭᠦᠰᠦᠯ ᠦ᠋ᠨ ᠳᠣᠮᠣᠭ ᠲᠠᠢ ᠴᠢᠬᠤᠯᠠ ᠨᠠᠷᠢᠨ ᠬᠣᠯᠪᠣᠭ᠎ᠠ ᠲᠠᠢ ᠲᠣᠭᠯᠠᠭᠠᠮ ᠶᠤᠮ᠃ ᠡᠨᠡ ᠶᠢᠷᠲᠢᠨᠴᠦ ᠶ᠋ᠢᠨ ᠲᠠᠪᠤᠨ ᠵᠦᠭ᠂ ᠲᠠᠪᠤᠨ ᠮᠠᠬᠠᠪᠣᠳ ᠢ᠋ ᠪᠡᠯᠭᠡᠳᠡᠭᠰᠡᠨ ᠤᠴᠢᠷ ᠠ᠋ᠴᠠ ᠭᠤᠷᠪᠠᠨ ᠰᠢᠷ᠎ᠠ ᠱᠠᠭᠠᠢ ᠪᠠᠷ ᠮᠡᠯᠡᠬᠡᠢ ᠶ᠋ᠢᠨ ᠰᠢᠭᠡᠰᠦ ᠪᠤᠶᠤ ᠤᠮᠠᠷ᠎ᠠ ᠬᠠᠷ᠎ᠠ ᠤᠰᠤᠨ ᠵᠦᠭ ᠢ᠋ ᠳᠥᠷᠪᠡᠨ ᠤᠯᠠᠭᠠᠨ ᠱᠠᠭᠠᠢ ᠪᠠᠷ ᠬᠡᠯᠡ᠂ ᠠᠮᠢᠰᠬᠤᠯ ᠪᠤᠶᠤ ᠡᠮᠦᠨ᠎ᠡ ᠭᠠᠯ ᠤᠯᠠᠭᠠᠨ ᠵᠦᠭ ᠢ᠋ ᠲᠠᠪᠤᠨ ᠬᠥᠬᠡ (ᠨᠣᠭᠣᠭᠠᠨ) ᠱᠠᠭ᠎ᠠ ᠪᠠᠷ ᠮᠡᠯᠡᠬᠡᠢ ᠶ᠋ᠢᠨ ᠬᠠᠪᠢᠷᠭᠠᠨ ᠠ᠋ᠴᠠ ᠴᠤᠬᠤᠢᠵᠤ ᠪᠣᠢ ᠰᠤᠮᠤᠨ ᠤ᠋ ᠮᠣᠳᠣ ᠶ᠋ᠢ ᠳᠣᠷᠣᠨ᠎ᠠ ᠪᠤᠶᠤ ᠳᠣᠷᠣᠨ᠎ᠠ ᠬᠥᠬᠡ ᠮᠣᠳᠣᠨ ᠵᠦᠭ ᠢ᠋ ᠬᠣᠶᠠᠷ᠂ ᠴᠠᠭᠠᠨ ᠱᠠᠭᠠᠢ ᠪᠠᠷ ᠪᠠᠷᠠᠭᠤᠨ ᠬᠠᠪᠢᠷᠭ᠎ᠠ ᠪᠠᠷ ᠨᠢ ᠴᠤᠬᠤᠢᠵᠤ ᠪᠣᠢ ᠰᠤᠮᠤ ᠶ᠋ᠢᠨ ᠵᠡᠪᠡ ᠪᠤᠶᠤ ᠥᠷᠥᠨ᠎ᠡ ᠴᠠᠭᠠᠨ ᠲᠡᠮᠦᠷ ᠵᠦᠭ ᠢ᠋ ᠲᠠᠪᠤ ᠲᠠᠪᠤ᠂ ᠵᠢᠷᠭᠤᠭ᠎ᠠ ᠵᠢᠷᠭᠤᠭᠠᠨ ᠰᠢᠷ᠎ᠠ ᠱᠠᠭᠠᠢ ᠪᠠᠷ 100 ᠳᠤᠮᠳᠠᠬᠢ ᠰᠢᠷ᠎ᠠ ᠰᠢᠷᠤᠢᠨ ᠵᠦᠭ ᠢ᠋ ᠲᠤᠰ ᠲᠤᠰ ᠪᠡᠯᠭᠡᠳᠡᠨ ᠳᠦᠷᠰᠦᠯᠡᠭᠰᠡᠨ ᠪᠠᠢᠨ᠎ᠠ᠃ ᠡᠨᠡ ᠨᠢ ᠮᠣᠩᠭᠣᠯ ᠵᠢᠷᠤᠬᠠᠢ ᠶ᠋ᠢᠨ ᠲᠠᠪᠤᠨ ᠮᠠᠬᠠᠪᠣᠳ᠂ ᠮᠣᠩᠭᠣᠯ ᠳᠣᠮᠣᠭ ᠵᠦᠢ ᠶ᠋ᠢᠨ ᠲᠠᠪᠤᠨ ᠦᠨᠳᠦᠰᠦᠨ ᠥᠩᠭᠡ᠂ ᠶᠢᠷᠲᠢᠨᠴᠦ ᠶ᠋ᠢᠨ ᠲᠠᠪᠤᠨ ᠵᠦᠭ᠂ ᠢᠳᠡᠭᠡᠨ ᠦ᠌ ᠲᠠᠪᠤᠨ ᠥᠩᠭᠡ ᠴᠥᠮ ᠪᠠᠭᠲᠠᠵᠤ ᠪᠠᠢᠭ᠎ᠠ ᠶᠤᠮ᠃
ᠡᠬᠡ ᠰᠤᠷᠪᠤᠯᠵᠢ᠄ 《ᠴᠠᠭᠠᠨ ᠰᠠᠷ᠎ᠠ ᠶ᠋ᠢᠨ ᠪᠡᠯᠭᠡᠳᠡᠯ》᠂ ᠰ ∙ ᠳᠤᠯᠮ᠎ᠠ
https://www.arslan.mn/614068/item
Битүүний өдөр болон түүнээс өмнө заавал хийх ёстой Зүйлс
Билгийн улирлын сар бүрийн гучинд тэнгэрт саран үл үзэгдэх битүү харанхуй байдаг тул Сар шинийн өмнөх өдрийг “Битүүн” хэмээн нэрийдсэн байна.
Билгийн улирлын сар бүрийн гучинд тэнгэрт саран үл үзэгдэх битүү харанхуй байдаг тул Сар шинийн өмнөх өдрийг “Битүүн” хэмээн нэрийдсэн байна. Монголчууд өвлийн адаг сарын 30-ныг буцаж байгаа буурал жилийн отголох өдөр буюу хуучин оны битүүрэн хангирсах цаг хэмээн бэлгэдэн сэтгэж, тэрхүү бэлгэдлийг бас зан зүйлээр бататган үдэх ёс заншилтай байжээ. Ингээд бид битүүний өдөр болон түүнээс өмнө заавал хийх ёстой зүйлсийг хүргэж байна.
1.Өр зээлээ барагдуулах
Өвлийн адаг сар буюу “Лавай” сарын хорин гуравнаа галын тахилга хийсэн цагаас хойш дөтлөн ирж буй шинэ ондоо хуучин улирлын өр шир, өглөг авлагыг дамжуулахгүй байхыг туйлаас хичээж, хүн амьтнаас зээлсэн мөнгө зоос, эд мал байвал даруйхан эгүүлэн өгвөл зохилтой.
2. Ам мурийсан хүнтэйгээ эвлэрэх
Урьдын муруй мулгуй хоёроо завдан засахын тул эв түнжин эвдэрсэн, ам хамар муруйсан хэн хүнтэй ч гэсэн зориуд уулзан учирч таатай сайн үгийг ярьж тамхиа шившилцэн, “хонзон санахгүй, хоёр биедээ өс өвөрлөхгүй” явах учраа хэлэлцэн муу мундар бүхнээ сэтгэлийн мухраас үлдэн хөөх ёстой.
3. Идээ ундаагаа бэлдэх
Өвлийн адаг сарын 25-наас эхлэн битүүлэг цагаалгын идээг гэр хотлоороо хамжин дэмжин бэлтгэх бөгөөд бууз хийж, банш чимхэж хөлдөөхийн дээр идээний боов, зараалын боовыг чихэр бурам шар тосоор амтлан хийж чанадаг.
4. Орон гэрээ цэвэрлэх
“Лавай” сарын 29-нд айл хотлоороо бурхан шүтээнээ тахиж, гэр орныхоо тоос товрогийг үргээж, утаа эсгийг цэвэрлэн хот хороогоо засч, хог буртгийг түүж цэмцийлгэхээс эхлээд мал адгуусны сэг, зэм, өвдөл цөвдлийг хүртэл булж, далдалдаг байсан.
Битүү гаргах ёс
5. Сайн сайхныг даллан дуудах
Битүүний орой хонь малаа хотлуулан, гэрийн эзэн идээлэх умдаалахынхаа өмнө гэрийнхээ баруун тотгоны дээр цагаан чулуу юм уу, цэвэр тунгалаг цас, мөс гурвалан тавьж, сайн зүгийн эзэд сахиулсны орох үүдийг нээхийн хамт, зүүн тотгоны дээр өргөс харгана, шарилж тавьж муу зүгийн ад чөтгөрийн хорлолыг хааж тавьдаг байна.
6. Битүүлэх
Битүүлгийн идээ будаагаа базаан зэхэж, эхлээд гэр гэртээ битүүрнэ. Өтгөс бууралдаа олбог дэвсгэрээ дэвсэн, эртгэр ширээгээ засч дээр нь идээ ундааныхаа дээжийг зүүнээс баруун тийш дэслүүлэн өрж, галдаа өргөж бурхандаа дээжилсний дараа гэрийн эзэгтэй цайныхаа дээжийг гэрийн эзэндээ нар зөв эргүүлэн эхэлж аягалж барьдаг.
7. Баярлаж, найрлах
Хойморт заларсан буурал хаяатнууд нь намрын нөөцөлсөн халаасан айраг бахдан шимж, “дөч хүрээд дөнгөж амс, тавь хүрээд тааруулж балга, жар хүрээд жаргаж хүрт” гэдэг ёс эрэмбийн дагуу тэдэнд ерөөл айлдаж, архи сархад хүртээдэг. Битүүний наргиан наадмаар шинэ бэрээр дуу дуулуулах, хэрэв дуулж мэдэхгүй чадахгүй гэвэл ахмад бэргэдээр төлөөлүүлэх, талцан дуулах, хуалах ёс бий.
8. Зоогийг ёс, журмаар нь бэлтгэх
Битүүний өдрийн зоог эрүүг нь заагаагүй хонины битүү толгой юм уу өвчүү байдаг. Хэрэв өвчүү чанавал өвчүүг өөд нь харуулан дээр нь дал дөрвөн өндөр, хонтой, шаант, залаатай богтос тавина. Битүү толгой чанаваас аманд нь өвс ногоог төлөөлүүлэн сонгино, сармис зуулгаж гургалдайн түрийтэй үзүүрийг толгойнхоо ард тавьж гургалдайгаар нар зөв ороож сэмжээр нь бүтээн дал дөрвөн өндөр, хонтой, шаант залаатай богтосны аль нэгийг тавьж ёслон битүүлдэг байна.
9. Битүү гаргах
Нутаг бүрийн битүүлгийн ёс өөр байдаг. Зарим нутагт чөмөг ташиж битүү гаргахдаа гэрийн эзэн “шаант чөмөг идэж сайн мөлжөөд битүү гаргах уу (хагалах уу) гэж асуухад гэр доторхи бүх хүн “гаргая, гаргая” гэцгээхэд нэг удаа (заавал хугарахаар) ташиж хугалснаар “Битүү гарлаа” хэмээн нас насны эрэмбээр “тавтай битүүлж байна уу” хэмээн мэндэлцгээдэг.
10. Зооглох
Битүү гаргах ёслолын дараа хуучин оныг битүүлэн үдэх, шинэ оныг угтах бэлгэ дэмбэрэлийн ёсоор битүү чанасан толгойн шөл хөц буюу бууз, банү зэргийн битүү хоол зоргоор идэцгээн “битүүртэл” хооллохыг ч энд оролцуулан бэлгэдлийн утгатай хэмээн ухаарах учиртай.
11. Идээ засах
Битүүний үдэш тэнгэрт захын ганц од үзэгдмэгц цагаалгын идээ, битүүлгийн шүүс зоогийг засаж эхэлдэг ёсон буй. Эн тэргүүнд бурхандаа ураг сүүл, дал дөрвөн өндөр, хонтой шаант, хош, бүхүй нэгэн таваг идээ, боов боорцог цагаан идээгээр зассан өөр нэг таваг нийлээд хоёр таваг чимж засдаг.
12. Тоглож, наадах
Битүүлгийн идээ будаанаас цадтал идэж, ууж гүйцсэний хойно шөнө дүл өнгөртөл ширээ, ширдэгний олон тоглоомоор тоглож нааддаг нь мөн л ёс болсон зүйл юм. Тоглоом наадмын дундаас шагайлцахыг эрхэм дээд, бахтай, бэлэг дэмбэрэлтэй тоглоом хэмээн үздэг. Битүүлгийн дараа томчууд нь шагайлцаж, багачууд нь морь уралдуулдаг байна. Ер нь битүүний орой үлгэр тууль ярихаас эхлээд шагайгаар морь, тэмээ, даага уралдуулах, дөрвөн бэрх орхих, тэмээ цохих, буга нүүх, хорол зэндмэни эвлүүлэх зэрэг олон төрлөөр наадаж эхлээд хожим алаг мэлхий тоглодог болсон.
Алаг мэлхий
Энэ нь монгол домог зүйн ертөнцийн үүслийн домогтой чухал нарийн холбоотой тоглоом юм. Энэ ертөнцийн таван зүг, таван махбодийг бэлгэдсэн учраас гурван шар шагайгаар мэлхийн шээс буюу умар хар усан зүгийг дөрвөн улаан шагайгаар хэл, амьсгал буюу өмнө гал улаан зүгийг таван хөх (ногоон) шагайгаар мэлхийн хавирганаас цухуйж буй сумны модыг дорно буюу дорно хөх модон зүгийг хоёр, цагаан шагайгаар баруун хавиргаар нь цухуйж буй сумын зэв буюу өрнө цагаан төмөр зүгийг тав тав, зургаа зургаан шар шагайгаар 100 дундах шар шороон зүгийг тус тус бэлгэдэн дүрсэлсэн байна. Энэ нь монгол зурхайн таван махбодь, монгол домог зүйн таван үндсэн өнгө, ертөнцийн таван зүг, идээний таван өнгө цөм багтаж байгаа юм.
Эх сурвалж: “Цагаан сарын бэлгэдэл”, С.Дулам
ᠡᠬᠡ ᠰᠤᠷᠪᠤᠯᠵᠢ᠄ 《ᠴᠠᠭᠠᠨ ᠰᠠᠷ᠎ᠠ ᠶᠢᠨ ᠪᠡᠯᠭᠡᠳᠡᠯ》᠂ ᠰ ∙ ᠳᠤᠯᠮ᠎ᠠ
https://www.arslan.mn/614068/item
