ᠨᠠᠮᠤᠷ ᠤᠨ ᠲᠤᠬᠠᠢ ᠪᠣᠳᠣᠯ – ᠷ᠂ ᠴᠣᠢᠨᠣᠮ Намрын  тухай бодол – Р᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠤᠨ ᠲᠤᠬᠠᠢ ᠪᠣᠳᠣᠯ – ᠷ᠂ ᠴᠣᠢᠨᠣᠮ Намрын  тухай бодол – Р᠂ Чойном

ᠨᠠᠮᠤᠷ ᠤᠨ ᠲᠤᠬᠠᠢ ᠪᠣᠳᠣᠯ – ᠷ᠂ ᠴᠣᠢᠨᠣᠮ Намрын  тухай бодол – Р᠂ Чойном

2023-02-19

381

ᠨᠠᠮᠤᠷ ᠤᠨ ᠲᠤᠬᠠᠢ ᠪᠣᠳᠣᠯ


         ᠷ᠂ ᠴᠣᠢᠨᠣᠮ

 ᠨᠠᠮᠤᠷ ᠡ ᠭᠡᠵᠦ ‍ᠶᠠᠭᠤ ᠰᠠᠨ ᠪᠢᠯᠡ ?
 ᠨᠠᠷᠠ ᠰᠢᠷᠠᠭᠰᠠᠨ ᠲᠠᠯ᠎ᠠ ᠰᠠᠨ ᠪᠢᠯᠡ ‍ᠤᠤ
 ᠨᠠᠶ᠋ᠢᠷ ᠎ᠲᠤ᠌ ᠪᠠᠷᠢᠭᠰᠠᠨ ᠠᠶ᠎ᠠ ᠰᠠᠨ  ᠪᠢᠯᠡ ‍ᠤᠤ
 ᠨᠠᠬᠢᠢᠲᠠᠯ᠎ᠠ ᠰᠣᠶ᠋ᠢᠬᠰᠠᠨ ᠮᠤᠷᠢ ᠰᠠᠨ ᠪᠢᠯᠡ ‍ᠤᠤ ?
 ᠠᠶ᠎ᠠ ᠬᠥᠭᠡᠷᠦᠬᠦᠢ
 ᠨᠠᠮᠤᠷ ᠡ ᠭᠡᠵᠦ ᠶᠠᠭᠤ ᠰᠠᠨ ᠪᠢᠯᠡ ?
 ᠳᠠᠭᠤᠯᠠᠶ᠎ᠠ ᠳ᠋ᠠ ᠪᠢ ᠂ ᠨᠠᠮᠤᠷ ᠶᠤᠭᠠᠨ
 ᠳᠠᠭᠤᠯᠠᠩᠬᠠᠨ ᠪᠠᠶ᠋ᠢᠵᠤ ᠯᠡ ᠤᠬᠢᠯᠠᠶ᠎ᠠ ᠳ᠋ᠠ !
 ᠵᠡᠭᠦᠦ ᠰᠢᠭ᠌ ᠴᠡᠮᠴᠡᠭᠡᠷ ᠡᠵᠢ ᠡᠴᠡ ᠲᠦᠷᠦᠭᠰᠡᠨ
 ᠵᠢᠷᠦᠬᠡ ᠰᠢᠭ᠌ ᠤᠯᠠᠭᠠᠨ ᠬᠥᠪᠡᠭᠦᠨ ᠶᠠᠪᠤᠬᠤ ᠳ᠋ᠠᠭᠠᠨ
 ᠨᠠᠮᠤᠷ ᠡ ᠭᠡᠵᠦ ᠶᠠᠭᠤ ᠪᠠᠶ᠋ᠢᠳᠠᠭ  ᠊ᠢ
 ᠨᠠᠰᠤᠨ ᠳ᠋ᠠᠭᠠᠨ ᠮᠠᠷᠲᠠᠮ᠎ᠠ ᠦᠭᠡᠢ ᠣᠶ᠋ᠢᠯᠠᠭᠠᠵᠤ ᠪᠢᠯᠡ !
 ᠠᠯᠠᠭ ᠤᠲᠠᠰᠤ ᠪᠠᠷ ᠵᠠᠬᠠᠯᠠᠵᠤ ᠣᠶᠣᠭᠰᠠᠨ
 ᠠᠯᠠᠭ᠎ᠠ ᠲᠠᠷᠤᠮᠬᠠᠨ ᠠᠯᠴᠢᠭᠤᠷ ᠳᠣᠲᠣᠷ᠎ᠠ
 ᠳᠤᠮᠳᠠᠭᠤᠷᠬᠠᠨ ᠪᠣᠭᠣᠬᠤ ᠎ᠳ᠋ᠤ᠌ ᠴᠤ᠌ ᠪᠠᠭᠲᠠᠬᠤ ᠪᠠᠶ᠋ᠢᠭᠰᠠᠨ
 ᠳᠤᠷᠠᠯᠠᠯ  — ᠬᠠᠭᠠᠴᠠᠯ ᠮᠢᠨᠢ ᠤᠴᠠᠷᠠᠵᠤ ᠪᠢᠯᠡ
 ᠨᠠᠮᠤᠭᠤᠬᠠᠨ ᠵᠢᠷᠦᠬᠡ ᠎ᠶ᠋ᠢ ᠮᠢᠨᠢ ᠠᠩᠬ᠎ᠠ ᠰᠦᠯᠪᠡᠭ᠍ᠰᠡᠨ
 ᠨᠠᠭᠠᠯᠢᠩᠬᠠᠢ ᠬᠠᠷᠠᠴᠠᠨ ᠪ ᠲᠣᠷᠭᠠᠨ ᠦᠵᠦᠭᠦᠷ᠎ ᠊ᠢ
 ᠨᠠᠨᠲᠢᠩᠨᠠᠩᠬᠠᠨ ᠳᠤᠷᠠᠯᠠᠬᠤ ᠳ᠋ᠠᠭᠠᠨ ᠪᠢ
 ᠨᠠᠮᠤᠷ ! ᠭᠡᠵᠦ ᠰᠡᠭᠦᠷᠡᠰᠦ ᠠᠯᠳᠠᠨᠠᠮ ᠪᠢ ᠃
 ᠨᠠᠮᠠᠶ᠋ᠢ ᠪᠠᠨ ᠣᠷᠬᠢᠭᠠᠳ ᠰᠢᠪᠠᠭᠤ ᠰᠢᠭ᠋ ᠪᠤᠴᠠᠭᠰᠠᠨ
 ᠨᠠᠰᠤᠨ ᠪᠠᠭ᠎ᠠ ᠶ᠋ᠢᠨ ᠠᠮᠠᠷᠠᠭ ᠶ᠋ᠢᠠᠨ ᠪᠣᠳᠣᠬᠤ ᠠ᠋ᠴᠠ
 ᠨᠠᠶ᠋ᠢᠳᠠᠪᠤᠷᠢ ᠦᠭᠡᠢ ᠬᠠᠭᠠᠴᠠᠯ ᠎ ᠊ᠢ
 ᠠᠩᠬ᠎ᠠ ᠦᠵᠡᠭᠦᠯᠦᠭᠰᠡᠨ
 ᠨᠠᠮᠤᠷ ᠦ᠋ᠨ ᠰᠠᠯᠬᠢ ᠠᠮᠲᠠᠭᠲᠠᠨᠠᠮ ᠳ᠋ᠠ᠃
 ᠳᠠᠭᠤᠯᠠᠶ᠎ᠠ ᠳ᠋ᠠ ᠪᠢ᠂ ᠨᠠᠮᠤᠷ ᠶᠤᠭᠠᠨ
 ᠳᠠᠭᠤᠯᠠᠩᠬᠠᠨ ᠪᠠᠶ᠋ᠢᠵᠤ ᠯᠠ ᠤᠬᠢᠯᠠᠶ᠎ᠠ ᠳ᠋ᠠ !
 ᠬᠠᠨᠠᠭᠠᠷ ᠲᠠᠯ᠎ᠠ ᠲᠣᠭᠣᠰᠣᠷᠠᠩᠬᠠᠨ ᠪᠠᠶ᠋ᠢᠨ᠎ᠠ
 ᠬᠠᠮᠬᠤᠤᠯ ᠡᠪᠡᠰᠦ ᠲᠣᠷᠣᠯᠵᠠᠩᠬᠠᠨ ᠭᠦᠶᠦᠨ᠎ᠡ ᠯᠠ
 ᠬᠠᠲᠠᠭᠰᠠᠨ ᠴᠡᠴᠡᠭ ᠦ᠋ᠳ ᠲᠠᠰᠤᠷᠠᠩᠬᠠᠨ ᠬᠡᠶ᠋ᠢᠰᠦᠨ᠎ᠡ ᠯᠡ
 ᠬᠠᠶ᠋ᠢᠷᠠᠨ ᠴᠢᠭ᠌ ᠵᠤᠨ ᠪ ᠮᠢᠨᠢ ᠭᠤᠷᠪᠠᠨ ᠰᠠᠷ᠎ᠠ ᠡ !
 ᠠᠢ ᠬᠥᠭᠡᠷᠦᠬᠦᠢ
 ᠠᠯᠳᠠᠩᠬᠠᠨ ᠰᠢᠷᠭᠠᠯ ᠮᠥᠷᠲᠡᠭᠡᠨ
 ᠶᠠᠭᠤ ᠪᠠᠷ ᠴᠤ᠌ ᠴᠡᠴᠡᠭᠯᠡᠭᠦᠯᠦᠰᠢ ᠦᠭᠡᠢ ᠨᠠᠮᠤᠷ
 ᠶᠠᠭᠤᠲᠡᠢ ᠴᠤ᠌ ᠤᠶ᠋ᠢᠤᠠᠬᠠᠷᠲᠠᠢ ᠶᠤᠮ ᠪᠣᠢ ?
 ᠵᠦᠭ ᠦᠭᠡᠢ ᠨᠠᠰᠤ ᠪᠠᠨ ᠣᠷᠬᠢᠭᠠᠳ ᠢᠷᠡᠭᠰᠡᠨ
 ᠵᠡᠭᠦᠨ ᠵᠦᠭ ᠦ᠋ᠨ ᠠᠭᠤᠳᠠᠮ ᠲᠠᠯ᠎ᠠ ᠎ᠳ᠋ᠤ᠌ ᠮᠢᠨᠢ
 ᠵᠢᠷᠦᠬᠡ ᠨᠢ ᠡᠮᠲᠡᠷᠡᠭᠰᠡᠨ ᠮᠣᠩᠭᠣᠯ ᠨᠠᠶ᠋ᠢᠷᠠᠭ
 ᠵᠦᠢᠲᠡᠶ᠋ᠢᠬᠡᠨ ᠳᠠᠭᠤᠤ ᠪᠠᠨ ᠳᠠᠭᠤᠯᠠᠨ ᠭᠡᠬᠢᠯᠵᠡᠵᠦ
 ᠠᠭᠤᠯᠠ ᠶ᠋ᠢᠨ ᠲᠣᠯᠣᠭᠠᠢ ᠶ᠋ᠢ ᠰᠢᠷᠲᠡᠳᠡᠭ ᠰᠠᠨ ᠳ᠋ᠠ
 ᠠᠭᠤᠯᠠ ᠶ᠋ᠢᠨ ᠲᠡᠷᠡ ᠣᠷᠣᠢ ᠎ᠳ᠋ᠤ᠌ ᠭᠡᠰᠢᠭᠦᠦ ᠶ᠋ᠢᠨ
 ᠤᠯᠠᠭᠠᠬᠠᠨ  ᠨᠠᠪᠴᠢ ᠂  ᠵᠢᠷᠦᠬᠡ ᠰᠢᠭ᠌
 ᠤᠨᠠᠨ ᠲᠣᠰᠣᠨ ᠰᠡᠷᠴᠢᠬᠢᠨᠡᠨᠡᠮ ᠪᠢᠯᠡ᠃
 ᠳᠠᠭᠤᠯᠠᠶ᠎ᠠ ᠳ᠋ᠠ ᠪᠢ ᠂ ᠨᠠᠮᠤᠷ ᠶᠤᠭᠠᠨ
 ᠳᠠᠭᠤᠯᠠᠩᠬᠠᠨ ᠪᠠᠶ᠋ᠢᠵᠤ ᠯᠠ ᠤᠬᠢᠯᠠᠶ᠎ᠠ ᠳ᠋ᠠ᠃
 ᠬᠤᠰᠤᠨ ᠮᠣᠳᠣᠨ ᠪ ᠨᠠᠷᠢᠨ ᠦᠵᠦᠭᠦᠷ
 ᠬᠠᠭᠤᠷᠠᠢ ᠰᠠᠯᠬᠢᠨ ᠎ᠳ᠋ᠤ᠌ ᠣᠬᠢᠯᠠᠩᠬᠠᠨ ᠪᠠᠶ᠋ᠢᠨ᠎ᠠ ‍ᠤᠤ
 ᠬᠤᠨ ᠴᠠᠨ ᠪ ᠴᠠᠭᠠᠬᠠᠨ ᠵᠢᠭᠦᠷ
 ᠡᠭᠦᠯᠡᠨ ᠴᠠᠭᠠᠭᠤᠷ ᠳᠡᠪᠢᠩᠬᠡᠨ ᠣᠳᠤᠨ᠎ᠠ ‍ᠤᠤ ᠳ᠋ᠠ ᠃
 ᠪᠠᠶᠠᠷ ᠪᠠᠶᠠᠷ ᠦ᠋ᠨ ᠬᠢᠨᠢ ᠣᠬᠢ ᠮᠠᠩᠯᠠᠢ
 ᠪᠠᠲᠤ ᠰᠡᠳᠬᠢᠯ ᠦ᠋ᠨ ᠬᠢᠨᠢ ᠣᠩᠭᠣᠨ ᠰᠠᠬᠢᠭᠤᠰᠤ !
 ᠪᠠᠤᠠᠮ᠎ᠠ ᠶ᠋ᠢᠨ ᠲᠠᠯᠮᠢᠨ ᠨᠢᠲᠦ ᠲᠠᠢ ᠲᠦᠷᠦᠭᠰᠡᠨ
 ᠮᠢᠨᠦ ᠯᠡ ᠨᠢᠭᠡᠨ ᠠᠯᠳᠠᠷᠠᠢ᠃
 ᠴᠠᠭ ᠶ᠋ᠢᠠᠨ ᠢᠷᠡᠬᠦ ᠎ᠳ᠋ᠦ᠍ ᠬᠤᠨ ᠪ ᠳᠠᠯᠠᠪᠴᠢ ᠰᠢᠭ᠋
 ᠴᠠᠶ᠋ᠢᠷᠠᠩᠬᠠᠨ ᠳᠠᠯᠠᠯᠤᠩᠬᠠᠨ ᠣᠳᠬᠤ ᠪᠣᠯᠪᠠ ‍ᠤᠤ ᠳ᠋ᠠ
 ᠰᠡᠷᠢᠭᠦᠨ ᠪᠦᠰᠡ ᠶ᠋ᠢᠨ ᠨᠠᠭᠤᠷ ᠰᠢᠭ᠋ ᠪᠢ
 ᠰᠡᠩᠭᠢᠨᠡᠨ ᠦᠢᠷᠡᠮᠡᠭᠳᠡᠭᠡᠳ ᠦᠯᠡᠳᠡᠬᠦ ᠪᠣᠯᠪᠠ ‍ᠤᠤ ᠳ᠋ᠠ᠃
 ᠠᠢ ᠬᠥᠭᠡᠷᠦᠬᠦᠢ
 ᠨᠠᠮᠤᠷ ᠡ ᠭᠡᠵᠦ ᠶᠠᠭᠤ ᠰᠠᠨ ᠪᠢᠯᠡ ?

       ᠵᠢᠷᠭᠠᠯ ᠦᠰᠦᠭ ᠠᠮᠢᠯᠠᠭᠤᠯᠪᠠ
         ᠬᠢᠨᠠᠭᠴᠢ ᠄  ᠪᠠᠶᠠᠷᠴᠡᠴᠡᠭ ᠪᠠᠭᠰᠢ