ᠬᠥᠮᠦᠨ – ᠷ᠂ ᠴᠣᠢᠨᠣᠮ Хүн – Р᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ – ᠷ᠂ ᠴᠣᠢᠨᠣᠮ Хүн – Р᠂ Чойном

ᠬᠥᠮᠦᠨ – ᠷ᠂ ᠴᠣᠢᠨᠣᠮ Хүн – Р᠂ Чойном

2023-02-19

570

ᠬᠥᠮᠥᠨ


             ᠷ᠂ ᠴᠣᠢᠨᠣᠮ

 ᠬᠥᠷ ᠴᠠᠰᠤᠨ ᠴᠠᠪᠴᠠᠶ᠋ᠢᠵᠤ ᠲᠦᠯᠡᠭᠡ ᠮᠣᠲᠣ ᠦᠭᠡᠢ ᠳᠠᠭᠠᠷᠠᠪᠠᠴᠤ
 ᠬᠥᠲᠥᠰᠥᠨ ᠳᠡᠪᠡᠯ ᠦ᠋ᠨ ᠣᠷᠣᠨ ᠳᠦ ᠬᠥᠲᠥᠰᠥᠨ ᠳᠡᠪᠡᠯ ᠨᠢ ᠪᠣᠯᠵᠤ
 ᠬᠦᠨᠲᠦᠲᠦ ᠪᠤᠭᠤᠷᠤᠯ ᠡᠵᠢ ᠶ᠋ᠢ ᠪᠡᠨ ᠨᠥᠮᠥᠷᠢᠯᠡᠬᠦ ᠦᠭᠡᠢ ᠶᠤᠮ ᠪᠣᠯ
 ᠬᠦᠦ ᠨᠢ ᠪᠣᠯᠵᠤ ᠵᠠᠶᠠᠭᠠᠭᠰᠠᠨ ᠪ ᠮᠢᠨᠢ ᠬᠡᠷᠡᠭ ᠶᠠᠭᠤ ᠰᠠᠨ ᠪᠢᠯᠡ ᠃ 

 ᠬᠡᠯᠡ ᠠᠮᠠ ᠳᠡᠭ᠌ᠳᠡᠵᠦ ᠂ ᠮᠠᠨ ᠪ ᠭᠡᠷ ᠊ᠢ ᠴᠢᠭ᠌ᠯᠡᠪᠡᠰᠦ
 ᠬᠡᠷᠡᠮ ᠬᠠᠨᠠᠨ ᠪ ᠣᠷᠣᠨ ᠳᠦ ᠬᠡᠷᠡᠮ ᠬᠠᠨ᠎ᠠ ᠨᠢ ᠪᠣᠯᠵᠤ
 ᠠᠮᠢᠲᠤᠷᠠᠯ ᠦ᠋ᠨ ᠭᠠᠭᠴᠠ ᠬᠠᠨᠢ ᠪᠠᠨ ᠠᠪᠤᠷᠠᠬᠤ ᠦᠭᠡᠢ ᠶᠤᠮ ᠪᠣᠯ
 ᠠᠮᠠᠷᠠᠭ ᠨᠢ ᠪᠣᠯᠵᠤ ᠶᠠᠪᠤᠭᠰᠠᠨ ᠪ ᠬᠡᠷᠡᠭ ᠶᠠᠭᠤ ᠰᠠᠨ ᠪᠢᠯᠡ ᠃

 ᠠᠶᠤᠯᠲᠤ ᠳᠠᠶ᠋ᠢᠨ ᠳᠡᠭ᠌ᠳᠡᠵᠦ᠍ ᠂ ᠳᠠᠶ᠋ᠢᠰᠤᠨ ᠨᠠᠭᠠᠰᠢ ᠥᠨᠲᠡᠶ᠋ᠢᠪᠡᠰᠦ
 ᠠᠯᠲᠠᠨ ᠬᠢᠯᠢ ᠶ᠋ᠢᠨ ᠬᠢᠨᠢ ᠣᠷᠣᠨ  ᠳᠦ ᠠᠮᠢᠲᠤ ᠬᠢᠯᠢ ᠨᠢ ᠪᠣᠯᠵᠤ
 ᠡᠶ᠋ᠢᠮᠦ ᠰᠠᠶ᠋ᠢᠬᠠᠨ ᠣᠷᠣᠨ ᠶ᠋ᠢᠠᠨ ᠬᠠᠮᠠᠭᠠᠯᠠᠬᠤ ᠦᠭᠡᠢ ᠶᠤᠮ ᠪᠣᠯ
 ᠢᠷᠭᠡᠨ ᠨᠢ ᠪᠣᠯᠵᠤ ᠲᠦᠷᠦᠭᠰᠡᠨ ᠪ ᠮᠢᠨᠢ ᠬᠡᠷᠡᠭ ᠶᠠᠭᠤ ᠰᠠᠨ ᠪᠢᠯᠡ ᠃

 ᠬᠦᠨᠲᠦ ᠪᠡᠷᠬᠡ ᠴᠠᠭ ᠲᠤᠨᠢ ᠂ ᠬᠥᠮᠦᠨ ᠪ ᠲᠥᠯᠥᠭᠡ ᠵᠣᠪᠠᠬᠤ ᠦᠭᠡᠢ ᠪᠣᠯ
 ᠬᠥᠮᠦᠨ ᠪᠣᠯᠵᠤ ᠲᠦᠷᠦᠭᠰᠡᠨ ᠪ ᠮᠢᠨᠢ ᠬᠡᠷᠡᠭ ᠶᠠᠭᠤ ᠰᠠᠨ ᠪᠢᠯᠡ !
               1976.5.3

           ᠪᠠᠶᠠᠨᠰᠡᠷᠩ ᠦᠰᠦᠭ ᠠᠮᠢᠯᠠᠭᠤᠯᠪᠠ
              ᠬᠢᠨᠠᠭᠴᠢ ᠄  ᠪᠠᠶᠠᠷᠴᠡᠴᠡᠭ ᠪᠠᠭᠰᠢ