ᠴᠠᠰᠤᠲᠤ ᠠᠭᠤᠯᠠ- ᠳᠥᠯᠭᠡᠨЦаст уул-дөлгөн
ᠴᠠᠰᠤᠲᠤ ᠠᠭᠤᠯᠠ
ᠰᠢᠯᠦᠭ ᠄ ᠰ · ᠡᠩᠬᠡᠲᠠᠶ᠋ᠢᠪᠤᠩ
ᠠᠶ᠎ᠠ ᠄ ᠲᠦᠯᠭᠡᠨ
— ᠳᠥᠯᠭᠡᠨ ᠳᠠᠭᠤᠯᠠᠨ᠎ᠠ
ᠴᠠᠩ ᠲᠠᠲᠠᠭᠰᠠᠨ ᠴᠠᠶ᠋ᠢᠳᠠᠮ ᠬᠥᠨᠳᠡᠢ ᠳᠦ ᠴᠠᠭᠠᠨ ᠡᠭᠦᠯᠡ ᠴᠡᠴᠡᠭ
ᠴᠠᠭ ᠴᠠᠭ ᠢᠶ᠋ᠠᠷ ᠤᠷᠭᠤᠬᠤ ᠪᠤᠢ
ᠴᠠᠭᠠᠨ ᠪᠤᠭᠤᠷᠤᠯ ᠨᠠᠰᠤᠨ ᠥᠨᠳᠥᠷ ᠡᠵᠢ ᠮᠢᠨᠢ
ᠴᠠᠢ ᠪᠠᠨ ᠡᠷᠭᠦᠭᠡᠳ ᠬᠦᠯᠢᠶᠡᠵᠦ ᠪᠤᠢ
ᠮᠠᠨᠠᠨ ᠲᠠᠲᠠᠭᠰᠠᠨ ᠮᠥᠰᠥᠨ ᠬᠥᠨᠳᠡᠢ ᠳᠦ ᠮᠥᠩᠭᠥᠨ ᠵᠤᠯᠠ ᠴᠡᠴᠡᠭ
ᠮᠥᠴᠡ ᠮᠥᠴᠡ ᠪᠡᠷ ᠳᠡᠯᠭᠡᠷᠡᠵᠦ ᠪᠤᠢ
ᠮᠥᠩᠭᠥᠨ ᠪᠤᠭᠤᠷᠤᠯ ᠮᠡᠷᠭᠡᠨ ᠲᠤᠤᠯᠢᠴᠢ ᠠᠪᠤ ᠶ᠋ᠢᠨ ᠮᠢᠨᠢ
ᠮᠥᠷᠥ ᠳᠠᠷᠤᠭᠰᠠᠨ ᠪᠠᠭᠤᠷᠢ ᠨᠢ ᠪᠤᠢ
ᠴᠠᠰᠤᠲᠠᠢ ᠠᠭᠤᠯᠠ ᠶ᠋ᠢᠨ ᠨᠤᠲᠤᠭ ᠡ
ᠴᠠᠶ᠋ᠢᠯᠭᠠᠨ ᠡᠵᠢ ᠶ᠋ᠢ ᠮᠢᠨᠢ ᠪᠤᠤ ᠵᠢᠩᠳᠡᠭᠦᠯᠦᠭᠡᠷᠠᠢ
ᠴᠠᠭ ᠤᠨ ᠠᠶᠠᠰ ᠬᠡᠵᠢᠶ᠎ᠡ ᠵᠥᠭᠡᠯᠡᠷᠡᠭᠡᠳ ᠢᠷᠡᠬᠦ ᠳᠦ
ᠴᠠᠭᠠᠨ ᠪᠤᠭᠤᠷᠤᠯ ᠡᠵᠢ ᠳᠦ ᠪᠡᠨ ᠣᠴᠢᠨ᠎ᠠ
ᠮᠥᠰᠥ ᠲᠡᠢ ᠭᠣᠣᠯ ᠤᠨ ᠨᠤᠲᠤᠭ ᠡ
ᠮᠢᠨᠦ ᠠᠪᠤ ᠶ᠋ᠢ ᠪᠤᠤ ᠥᠲᠡᠯᠦᠭᠦᠯᠦᠭᠡᠷᠠᠢ
ᠮᠥᠷᠥᠭᠡᠳᠦᠯ ᠮᠢᠨᠢ ᠬᠡᠵᠢᠶ᠎ᠡ ᠪᠡᠶᠡᠯᠡᠬᠦ ᠴᠠᠭ ᠢᠶ᠋ᠠᠷ
ᠮᠥᠳᠳᠥᠬᠡᠨ ᠠᠪᠤ ᠲᠠᠨ ᠳᠤ ᠪᠠᠨ
ᠪᠢ ᠣᠴᠢᠨ᠎ᠠ
ᠬᠠᠳᠠᠨ ᠤ ᠡᠩᠭᠡᠷ ᠲᠤ ᠳᠡᠯᠭᠡᠷᠡᠭᠰᠡᠨ ᠬᠣᠩᠭᠤᠷᠵᠤᠯᠠ ᠴᠡᠴᠡᠭ
ᠬᠣᠨᠣᠭ ᠬᠣᠨᠣᠭ ᠢᠶ᠋ᠠᠷ ᠳᠡᠯᠭᠡᠷᠡᠵᠦ ᠪᠤᠢ
ᠬᠠᠷᠢ ᠳᠤ ᠣᠴᠢᠭᠰᠠᠨ ᠴᠤ᠌ ᠬᠠᠶ᠋ᠢᠷ᠎ᠠ ᠶ᠋ᠢᠨ ᠰᠡᠳᠬᠢᠯ ᠦᠨᠡᠨᠴᠢᠬᠡᠨ ᠭᠡᠭᠰᠡᠭᠡᠷ
ᠬᠣᠩᠭᠣᠷ ᠪᠦᠰᠡᠭᠦᠢ ᠬᠦᠯᠢᠶᠡᠵᠦ ᠪᠤᠢ
ᠡᠬᠡ ᠨᠤᠲᠤᠭ ᠠ᠋ᠴᠠ ᠮᠢᠨᠢ ᠬᠦᠦ ᠪᠡᠨ ᠭᠡᠰᠡᠨ ᠵᠥᠭᠡᠯᠡᠬᠡᠨ ᠰᠠᠯᠬᠢ
ᠡᠨᠳᠡ ᠨᠠᠳᠠᠲᠠᠢ ᠬᠠᠮᠲᠤ ᠯᠡ ᠪᠤᠢ
ᠡᠵᠢ ᠠᠪᠤ ᠪᠠᠰᠠ ᠬᠠᠶ᠋ᠢᠷᠠᠲᠠᠢ ᠲᠡᠭᠦᠨ ᠲᠠᠢ ᠤᠴᠠᠷᠠᠬᠤ ᠲᠡᠷᠡᠬᠡᠨ ᠮᠥᠴᠡ
ᠡᠷᠴᠢᠮ ᠡᠷᠴᠢᠮ ᠢᠶ᠋ᠡᠷ ᠳᠥᠭᠥᠵᠦ ᠪᠤᠢ
ᠡᠯᠡᠰᠦᠲᠦ ᠭᠣᠣᠯ ᠤᠨ ᠨᠤᠲᠤᠭ ᠡ
ᠡᠨᠡᠬᠡᠨ ᠪᠡᠶ᠎ᠡ ᠮᠡᠨᠳᠦ ᠶ᠋ᠢ ᠳᠠᠮᠵᠢᠭᠤᠯᠤᠭᠠᠷᠠᠢ
ᠡᠩᠬᠡ ᠤᠷᠢᠨ ᠴᠠᠭ ᠢᠷᠡᠬᠦ ᠲᠡᠷᠡᠬᠡᠨ ᠮᠥᠴᠡ ᠳᠦ
ᠡᠷᠬᠢᠮ ᠲᠠ ᠨᠠᠷ ᠲᠦ ᠪᠠᠨ ᠪᠢ ᠣᠴᠢᠨ᠎ᠠ
ᠬᠠᠳᠠ ᠲᠠᠢ ᠠᠭᠤᠯᠠ ᠶ᠋ᠢᠨ ᠨᠤᠲᠤᠭ ᠡ
ᠬᠠᠶ᠋ᠢᠷᠠᠲᠠᠢ ᠲᠡᠭᠦᠨ ᠢ ᠮᠢᠨᠢ ᠪᠤᠤ ᠣᠬᠢᠯᠠᠭᠤᠯᠤᠭᠠᠷᠠᠢ
ᠬᠣᠷᠸ᠋᠎ᠠ ᠶ᠋ᠢᠨ ᠠᠶᠠᠰ ᠬᠡᠵᠢᠶ᠎ᠡ ᠠᠭᠤᠵᠢᠷᠠᠭᠠᠳ ᠢᠷᠡᠬᠦ ᠳᠦ
ᠬᠣᠩᠭᠣᠷᠬᠠᠨ ᠴᠢᠮ᠎ᠠ ᠳᠤ ᠪᠠᠨ ᠪᠢ ᠣᠴᠢᠨ᠎ᠠ
ᠯᠡ ᠯᠡ ᠯᠡ ᠁
ᠴᠠᠭ ᠤᠨ ᠠᠶᠠᠰ ᠬᠡᠵᠢᠶ᠎ᠡ ᠵᠥᠭᠡᠯᠡᠷᠡᠭᠡᠳ ᠢᠷᠡᠬᠦ ᠳᠦ
ᠴᠠᠶ᠋ᠢᠳᠠᠮ ᠨᠤᠲᠤᠭ ᠲᠦ ᠪᠠᠨ ᠪᠢ ᠣᠴᠢᠨ᠎ᠠ
ᠴᠠᠭ ᠤᠨ ᠠᠶᠠᠰ ᠬᠡᠵᠢᠶ᠎ᠡ ᠠᠭᠤᠵᠢᠷᠠᠭᠠᠳ ᠢᠷᠡᠬᠦ ᠳᠦ
ᠴᠠᠭᠠᠨ ᠪᠤᠭᠤᠷᠤᠯ ᠡᠵᠢ ᠳᠦ ᠪᠡᠨ ᠣᠴᠢᠨ᠎ᠠ
