ᠬᠠᠮᠢᠭ᠎ᠠ ᠭᠠᠵᠠᠷ ᠤᠨ ᠠᠢᠯ ᠳᠦ ᠣᠷᠣᠬᠤ ᠳᠦ ᠭᠡᠨᠵᠡᠭᠡᠨ ᠪᠡᠶ᠎ᠡ ᠲᠠᠢ ᠮᠢᠨᠢ ᠬᠠᠮᠲᠤ ᠲᠥᠷᠥᠵᠣ– ᠷ᠂ ᠴᠣᠢᠨᠣᠮ Хаа газрын айлд ороход хэнзээн биетай минь хамт төрж – Р᠂ Чойном
ᠬᠠᠮᠢᠭ᠎ᠠ ᠭᠠᠵᠠᠷ ᠤᠨ ᠠᠢᠯ ᠳᠦ ᠣᠷᠣᠬᠤ ᠳᠦ ᠭᠡᠨᠵᠡᠭᠡᠨ ᠪᠡᠶ᠎ᠡ ᠲᠠᠢ ᠮᠢᠨᠢ ᠬᠠᠮᠲᠤ ᠲᠥᠷᠥᠵᠣ
ᠷ᠂ ᠴᠣᠢᠨᠣᠮ
ᠬᠠᠮᠢᠬ᠋᠎ᠠ ᠭᠠᠵᠠᠷ ᠦ᠋ᠨ ᠠᠶ᠋ᠢᠯ ᠳᠦ ᠣᠷᠣᠬᠤ ᠳᠦ
ᠬᠠᠯᠠᠭᠤᠨ ᠴᠠᠢ ᠂ ᠬᠣᠭᠣᠯᠠ ᠪᠠᠷ ᠳᠠᠶ᠋ᠢᠯᠠᠳᠠᠭ ᠂
ᠬᠠᠷᠢᠨ ᠪᠢ ᠬᠥᠮᠦᠨ ᠲᠥᠷᠥᠯᠬᠢᠲᠡᠨ ᠊ᠢ
ᠬᠠᠯᠬ᠎ᠠ ᠰᠢᠯᠦᠭ ᠦ᠋ᠨ ᠰᠠᠶ᠋ᠢᠨ ᠶ᠋ᠢᠠᠷ ᠳᠠᠶ᠋ᠢᠯᠠᠨᠠ ᠃
ᠰᠠᠶ᠋ᠢᠬᠠᠨ ᠰᠢᠯᠦᠭ ᠊ᠢ ᠮᠢᠨᠢ ᠰᠢᠯᠢᠵᠦ ᠪᠠᠶ᠋ᠢᠭᠠᠳ
ᠰᠠᠷ᠎ᠠ ᠪᠠᠷ ᠰᠣᠨᠢᠷᠬᠠᠨ᠎ᠠ ᠤᠤ ᠂ ᠵᠢᠯ ᠶ᠋ᠢᠡᠷ ᠰᠣᠨᠢᠷᠬᠠᠨ᠎ᠠ ᠤᠤ
ᠭᠠᠶ᠋ᠢᠭᠤᠢ ᠨᠡᠷᠡᠯᠬᠡᠯ ᠦᠭᠡᠢ ᠢᠷᠡᠵᠦ ᠪᠠᠢ ᠲᠠ —
ᠭᠠᠭᠴᠠ ᠬᠦ ᠮᠢᠨᠦ ᠨᠠᠰᠤ ᠪᠣᠭᠣᠨᠢᠬᠠᠨ —
ᠠᠮᠢᠰᠬᠤᠬ᠋ᠠ ᠬᠤᠷᠢᠶᠠᠬᠤ ᠡᠲᠦᠷ ᠶ᠋ᠢᠡᠨ ᠬᠦᠷᠲᠡᠯ᠎ᠡ
ᠠᠷᠠᠳ ᠣᠪᠣᠭᠲᠠᠨ ᠊ᠢ ᠰᠢᠯᠦᠭ ᠶ᠋ᠢᠡᠷ ᠳᠠᠶ᠋ᠢᠯᠠᠬᠤ
ᠠᠵᠠ ᠵᠠᠶᠠᠭᠠᠨ ᠳ᠋ᠠᠭᠠᠨ ᠪᠢ ᠪᠠᠬᠠᠷᠬᠠᠭᠰᠠᠭᠠᠷ
ᠠᠯᠲᠠᠬᠠᠨ ᠪᠡᠶ᠎ᠡ ᠪᠡᠨ ᠲᠠᠮᠤᠯᠠᠵᠤ ᠶᠠᠪᠤᠬ᠋᠎ᠠ ᠶᠤᠮ ᠳ᠋ᠠ !
ᠬᠡᠨᠵᠡᠬᠡᠨ ᠪᠡᠶ᠎ᠡ ᠲᠡᠢ ᠮᠢᠨᠢ ᠬᠠᠮᠲᠤ ᠲᠥᠷᠥᠵᠦ
ᠭᠡᠲᠦ ᠨᠤᠲᠤᠭ ᠠ᠋ᠴᠠ ᠮᠢᠨᠢ ᠬᠠᠯᠢᠨ ᠭᠠᠷᠴᠤ
ᠬᠡᠨ ᠭᠤᠸᠠᠢ ᠶ᠋ᠢᠨ ᠴᠤ᠌ ᠡᠮᠦᠨ᠎ᠡ ᠨᠠᠮ᠎ᠠ ᠶ᠋ᠢ ᠵᠣᠷᠢᠬᠵᠢᠭᠤᠯᠤᠭᠰᠠᠨ
ᠬᠡᠪᠯᠡᠭᠳᠡᠭᠡ ᠦᠭᠡᠢ ᠭᠦᠨ ᠤᠬᠠᠭᠠᠨ ᠮᠢᠨᠦ !
ᠥᠪᠡᠷ ᠲᠡᠢ ᠮᠢᠨᠢ ᠬᠠᠮᠲᠤ ᠪᠤᠤ ᠨᠦᠭᠴᠢᠭᠡᠷᠡᠢ
ᠥᠨᠥ ᠨᠥᠬᠥᠳ ᠲᠦ ᠮᠢᠨᠢ ᠂ ᠡᠬᠡᠨᠡᠷ ᠲᠦ ᠮᠢᠨᠢ
ᠥᠯᠥᠭᠡᠢ ᠲᠡᠢ ᠬᠦᠦ ᠳᠦ ᠮᠢᠨᠢ ᠂ ᠰᠢᠯᠦᠭ ᠲᠦ ᠮᠢᠨᠢ
ᠥᠪ ᠪᠣᠯᠤᠨ ᠡᠭᠦᠷᠢᠲᠡ ᠦᠯᠡᠲᠡᠭᠡᠷᠡᠢ!
ᠮᠸᠢ ᠷᠦᠩ ᠦᠰᠦᠭ ᠠᠮᠢᠯᠠᠭᠤᠯᠪᠠ
ᠬᠢᠨᠠᠭᠴᠢ ᠄ ᠪᠠᠶᠠᠷᠴᠡᠴᠡᠭ ᠪᠠᠭᠰᠢ
