ᠠᠮᠢᠳᠤ ᠳ᠋ᠠᠭᠠᠨ ᠪᠡᠶ᠎ᠡ ᠪᠡᠶ᠎ᠡ ᠪᠠᠨ ᠬᠠᠢᠷᠠᠯᠠ ᠂ ᠬᠥᠮᠦᠰ ᠡ- ᠸᠴᠢᠷᠪᠠᠲᠤ ᠶ᠋ᠢᠨ ᠲᠠᠰᠢᠪᠠᠯᠪᠠᠷАмьддаа бие биеэ хайрла , хүмүүс өө-очирбат ин дашбалбар
ᠠᠮᠢᠳᠤ ᠳ᠋ᠠᠭᠠᠨ ᠪᠡᠶ᠎ᠡ ᠪᠡᠶ᠎ᠡ ᠪᠠᠨ ᠬᠠᠢᠷᠠᠯᠠ ᠂ ᠬᠥᠮᠦᠰ ᠡ
ᠸᠴᠢᠷᠪᠠᠲᠤ
ᠶ᠋ᠢᠨ ᠲᠠᠰᠢᠪᠠᠯᠪᠠᠷ
ᠠᠮᠢᠳᠤ ᠳ᠋ᠠᠭᠠᠨ
ᠪᠡᠶ᠎ᠡ ᠪᠡᠶ᠎ᠡ ᠪᠠᠨ ᠬᠠᠢᠷᠠᠯᠠ ᠂ ᠬᠥᠮᠦᠰ ᠡ
ᠠᠯᠢᠪᠠ
ᠰᠠᠶ᠋ᠢᠬᠠᠨ ᠢᠶ᠋ᠠᠨ ᠪᠤᠰᠤᠳ ᠠ᠋ᠴᠠ ᠪᠢᠲᠡᠭᠡᠢ ᠬᠠᠷᠠᠮᠠᠯᠠ!
ᠬᠡᠷᠡᠭ
ᠦᠭᠡᠢ ᠦᠭᠡ ᠶ᠋ᠢᠨ ᠵᠡᠪᠡ ᠪᠡᠷ ᠵᠢᠷᠦᠬᠡ ᠶ᠋ᠢ ᠮᠢᠨᠢ ᠪᠤᠤ ᠰᠢᠷᠬᠠᠯᠠᠭᠤᠯ ᠂
ᠬᠡᠨ
ᠨᠢᠭᠡ ᠶ᠋ᠢ ᠪᠡᠨ ᠬᠠᠷᠠᠩᠭᠤᠢ ᠨᠦᠬᠡ ᠤᠷᠤᠭᠤ ᠪᠢᠲᠡᠭᠡᠢ ᠲᠦᠯᠬᠢ!
ᠠᠷᠢᠬᠢᠨ ᠳᠤ
ᠣᠷᠣᠭᠰᠠᠨ ᠨᠢᠭᠡ ᠶ᠋ᠢ ᠪᠡᠨ ᠱᠣᠣᠯᠠᠵᠤ ᠪᠤᠤ ᠢᠨᠢᠶᠡ ᠂
ᠠᠶ᠎ᠠ
ᠴᠢᠨᠦ ᠠᠪᠤ ᠴᠢᠨᠢ ᠴᠤ᠌ ᠪᠠᠶ᠋ᠢᠵᠤ ᠮᠡᠳᠡᠨ᠎ᠡ ᠰᠢᠦ ᠳ᠋ᠠ
ᠠᠮᠵᠢᠵᠤ
ᠴᠢ ᠥᠪᠡᠷ ᠢᠶ᠋ᠡᠨ ᠠᠯᠳᠠᠷ ᠤᠨ ᠵᠡᠷᠭᠡ ᠳᠦ ᠬᠦᠷᠦᠭᠰᠡᠨ ᠪᠣᠯ
ᠠᠵᠠ
ᠵᠢᠷᠭᠠᠯ ᠤᠨ ᠬᠠᠭᠠᠯᠭ᠎ᠠ ᠶ᠋ᠢ ᠪᠤᠰᠤᠳ ᠲᠠᠭᠠᠨ ᠨᠡᠭᠡᠭᠡᠵᠦ ᠥᠭ!
ᠠᠴᠢ ᠶ᠋ᠢ
ᠴᠢᠨᠢ ᠲᠡᠳᠡ ᠨᠠᠷ ᠪᠠᠰᠠ ᠪᠤᠤ ᠮᠠᠷᠲᠠᠭ ᠡ
ᠭᠠᠭᠴᠠ
ᠰᠠᠶ᠋ᠢᠬᠠᠨ ᠦᠭᠡ ᠪᠡᠷ ᠳᠤᠲᠠᠵᠤ ᠶᠠᠪᠤᠭ᠎ᠠ ᠬᠥᠮᠦᠨ ᠳᠦ
ᠭᠠᠷᠴᠠᠭ᠎ᠠ
ᠦᠭᠡᠢ ᠳᠡᠷᠡᠨ ᠢ ᠨᠢ ᠣᠯᠵᠤ ᠬᠡᠯᠡ
ᠭᠠᠳᠠᠨ᠎ᠠ
ᠨᠠᠷᠠ ᠲᠠᠢ ᠴᠤ᠌ ᠭᠡᠷ ᠲᠤ ᠬᠦᠢᠲᠡᠨ ᠡᠳᠦᠷ
ᠭᠠᠵᠠᠷ
ᠳᠡᠭᠡᠷ᠎ᠡ ᠨᠢᠭᠡ ᠪᠤᠰᠤ ᠤᠳᠠᠭ᠎ᠠ ᠲᠣᠬᠢᠶᠠᠯᠳᠤᠨ᠎ᠠ ᠃
ᠴᠢᠮ᠎ᠠ ᠳᠤ
ᠳᠤᠷᠠᠯᠠᠭᠰᠠᠨ ᠰᠠᠶ᠋ᠢᠬᠠᠨ ᠬᠥᠪᠡᠭᠦᠨ ᠢ
ᠴᠢᠩᠭ᠎ᠠ
ᠬᠠᠲᠠᠭᠤ ᠦᠭᠡ ᠪᠡᠷ ᠪᠢᠲᠡᠭᠡᠢ ᠭᠣᠮᠣᠳᠠᠭ᠎ᠠ ᠪᠦᠰᠡᠭᠦᠢ ᠮᠢᠨᠢ
ᠴᠢᠮ᠎ᠠ ᠶ᠋ᠢ
ᠬᠠᠢᠷᠠᠯᠠᠭᠰᠠᠨ ᠤ ᠬᠢᠨᠢ ᠬᠠᠷᠢᠭᠤ ᠳᠤ ᠬᠠᠢᠷᠠᠯᠠ
ᠴᠢᠮ᠎ᠠ
ᠠ᠋ᠴᠠ ᠰᠠᠶ᠋ᠢᠬᠠᠨ ᠬᠡᠦᠬᠡᠨ ᠳᠦ ᠴᠤ᠌ ᠳᠤᠷᠠᠯᠠᠵᠤ ᠪᠣᠯᠬᠤ ᠰᠢᠦ ᠳ᠋ᠡ
ᠪᠢᠳᠡᠨ ᠦ
ᠠᠮᠢᠳᠤᠷᠠᠯ ᠠᠪ ᠠᠳᠠᠯᠢᠬᠠᠨ ᠂
ᠪᠢᠳᠡᠨ ᠦ
ᠬᠣᠭᠣᠯᠠᠢ ᠳᠡᠭᠡᠷᠡᠬᠢ ᠦᠭᠡ ᠬᠦᠷᠲᠡᠯ᠎ᠡ ᠨᠢᠭᠡ ᠯᠡ ᠶᠠᠩᠵᠤ ᠪᠠᠷ ᠵᠠᠩᠭᠢᠷᠠᠵᠤ
ᠪᠢᠳᠡᠨ ᠦ
ᠬᠠᠴᠠᠷ ᠳᠡᠭᠡᠷ᠎ᠡ ᠨᠢᠯᠪᠤᠰᠤ ᠬᠦᠷᠲᠡᠯ᠎ᠡ ᠨᠢᠭᠡ ᠯᠡ ᠶᠠᠩᠵᠤ ᠪᠠᠷ ᠪᠥᠮᠪᠥᠷᠢᠴᠦ
ᠪᠢᠳᠡᠨ ᠦ
ᠵᠠᠮ ᠳᠡᠭᠡᠷ᠎ᠡ ᠠᠪ ᠠᠳᠠᠯᠢᠬᠠᠨ ᠤᠴᠠᠷᠠᠯ ᠲᠣᠬᠢᠶᠠᠯᠳᠤᠨ᠎ᠠ
ᠪᠦᠰᠡᠭᠦᠢ
ᠶ᠋ᠢᠨ ᠳᠣᠭᠣᠯᠠᠩ ᠨᠢᠯᠪᠤᠰᠤ ᠶ᠋ᠢ ᠠᠰᠠᠭᠤᠯ ᠦᠭᠡᠢ ᠪᠡᠷ ᠠᠷᠴᠢᠵᠤ ᠦᠭ
ᠪᠦᠳᠦᠷᠢᠵᠦ
ᠤᠨᠠᠭᠰᠠᠨ ᠬᠡᠦᠬᠡᠳ ᠢ ᠳᠡᠭᠡᠷ᠎ᠡ ᠡᠷᠭᠦᠵᠦ ᠠᠷᠭᠠᠳᠠ ᠃
ᠥᠨᠥᠳᠥᠷ
ᠴᠢ ᠢᠨᠢᠶᠡᠵᠦ ᠂ ᠨᠥᠭᠥᠭᠡᠳᠡᠬᠢ ᠨᠢ ᠤᠬᠢᠯᠠᠳᠠᠭ ᠴᠤ᠌
ᠥᠭᠡᠷ᠎ᠡ
ᠨᠢᠭᠡ ᠡᠳᠦᠷ ᠴᠢ ᠭᠤᠨᠢᠵᠤ ᠴᠠᠭᠠᠳᠤᠬᠢ ᠴᠢᠨᠢ ᠳᠠᠭᠤᠯᠠᠬᠤ ᠪᠣᠯᠤᠨ᠎ᠠ
ᠥᠯᠥᠭᠡᠢ
ᠠᠪᠰᠠ ᠬᠣᠶᠠᠷ ᠢ ᠬᠥᠮᠦᠨ ᠪᠦᠬᠦᠨ ᠳᠠᠮᠵᠢᠳᠠᠭ ᠪᠣᠯᠬᠣᠷ
ᠥᠭᠡᠷ᠎ᠡ
ᠶᠠᠭᠤ ᠴᠤ᠌ ᠬᠡᠷᠡᠭ ᠦᠭᠡᠢ ᠪᠡᠶ᠎ᠡ ᠪᠠᠶᠠᠨ ᠢᠶ᠋ᠠᠨ ᠯᠡ ᠬᠠᠢᠷᠠᠯᠠ
ᠥᠷᠭᠡᠨ
ᠬᠣᠷᠸ᠋᠎ᠠ ᠳᠤ ᠬᠥᠮᠦᠨ ᠭᠡᠵᠦ ᠬᠠᠶ᠋ᠢᠷ᠎ᠠ ᠪᠠᠷ ᠳᠤᠲᠠᠵᠤ ᠪᠣᠯᠬᠤ ᠦᠭᠡᠢ!
ᠠᠵᠠ
ᠵᠢᠷᠭᠠᠯ ᠢ ᠪᠢ ᠬᠥᠮᠦᠨ ᠦ ᠰᠡᠳᠬᠢᠯ ᠦᠨ ᠭᠠᠯ ᠢᠶ᠋ᠠᠷ ᠲᠥᠰᠦᠭᠡᠯᠡᠳᠡᠭ ᠪᠣᠯᠬᠣᠷ
ᠠᠯᠲᠠᠨ
ᠨᠠᠷᠠ ᠭᠡᠷᠡᠯ ᠢᠶ᠋ᠡᠨ ᠪᠢᠳᠡᠨ ᠳᠦ ᠠᠪ ᠠᠳᠠᠯᠢᠬᠠᠨ ᠬᠠᠢᠷᠠᠯᠠᠳᠠᠭ ᠪᠣᠯᠬᠣᠷ
ᠠᠮᠢᠳᠤ
ᠶᠠᠪᠤᠬᠤ ᠶ᠋ᠢ ᠪᠢ ᠪᠤᠰᠤᠳ ᠲᠤ ᠬᠠᠶ᠋ᠢᠷ᠎ᠠ ᠪᠠᠷ ᠲᠦᠭᠡᠭᠡᠬᠦ ᠶ᠋ᠢᠨ ᠨᠡᠷ᠎ᠡ ᠭᠡᠵᠦ ᠪᠣᠳᠣᠨᠠᠮ!
ᠠᠵᠠ
ᠵᠢᠷᠭᠠᠯ ᠢ ᠪᠢ ᠪᠤᠰᠤᠳ ᠠ᠋ᠴᠠ ᠬᠠᠶ᠋ᠢᠷ᠎ᠠ ᠬᠦᠯᠢᠶᠡᠬᠦ ᠶ᠋ᠢᠨ ᠨᠡᠷ᠎ᠡ ᠭᠡᠵᠦ ᠣᠶ᠋ᠢᠯᠠᠭᠠᠨᠠᠮ!
ᠠᠮᠢᠳᠤ ᠳ᠋ᠠᠭᠠᠨ
ᠪᠡᠶ᠎ᠡ ᠪᠡᠶ᠎ᠡ ᠪᠠᠨ ᠬᠠᠢᠷᠠᠯᠠ ᠂ ᠬᠥᠮᠦᠰ ᠡ
ᠠᠯᠢᠪᠠ
ᠰᠠᠶ᠋ᠢᠬᠠᠨ ᠢᠶ᠋ᠠᠨ ᠪᠤᠰᠤᠳ ᠠ᠋ᠴᠠ ᠪᠢᠲᠡᠭᠡᠢ ᠬᠠᠷᠠᠮᠠᠯᠠ!
