ᠤᠴᠠᠷᠠᠯ ‍ᠤᠨ ᠤᠶᠠᠩᠭ᠎ᠠ- ᠪ · ᠬᠦᠷᠤᠪᠠᠳᠮ᠎ᠠ ᠂ ᠷ · ᠪᠣᠯᠤᠷᠲᠤᠶᠠᠭ᠎ᠠУчралын уянга-б · хөөрбадам , р · болортуяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠴᠠᠷᠠᠯ ‍ᠤᠨ ᠤᠶᠠᠩᠭ᠎ᠠ- ᠪ · ᠬᠦᠷᠤᠪᠠᠳᠮ᠎ᠠ ᠂ ᠷ · ᠪᠣᠯᠤᠷᠲᠤᠶᠠᠭ᠎ᠠУчралын уянга-б · хөөрбадам , р · болортуяа

ᠤᠴᠠᠷᠠᠯ ‍ᠤᠨ ᠤᠶᠠᠩᠭ᠎ᠠ- ᠪ · ᠬᠦᠷᠤᠪᠠᠳᠮ᠎ᠠ ᠂ ᠷ · ᠪᠣᠯᠤᠷᠲᠤᠶᠠᠭ᠎ᠠУчралын уянга-б · хөөрбадам , р · болортуяа

ᠠᠩᠭᠢᠯᠠᠯ:ᠳᠠᠭᠤᠤ ᠬᠥᠭᠵᠢᠮ
2023-02-17

270

ᠤᠴᠠᠷᠠᠯ ‍ᠤᠨ ᠤᠶᠠᠩᠭ᠎ᠠ

    ᠦᠭᠡ ᠂ ᠠᠶ᠎ᠠ ᠄ ᠰ · ᠪᠠᠶᠠᠨᠮᠠᠨᠳᠤᠬᠤ
    — · ᠬᠦᠷᠤᠪᠠᠳᠮ᠎ᠠ ᠂ ᠷ · ᠪᠣᠯᠤᠷᠲᠤᠶᠠᠭ᠎ᠠ ᠳᠠᠭᠤᠯᠠᠨ᠎ᠠ

ᠦᠶ᠎ᠡ ‍ᠶ᠋ᠢᠨ ᠵᠠᠯᠠᠭᠤᠰ ‍ᠤᠨ ᠬᠠᠶ᠋ᠢᠷ᠎ᠠ ‍ᠶ᠋ᠢ ᠪᠤᠯᠢᠶᠠᠭᠰᠠᠨ
ᠦᠵᠡᠰᠬᠦᠯᠡᠩ ᠭᠤᠸ᠋᠎ᠠ ᠪᠦᠰᠡᠭᠦᠢ ᠪᠤᠢ ᠴᠢ
ᠥᠪᠡᠷ ‍ᠦᠨ ᠡᠷᠬᠡ ᠦᠭᠡᠢ ᠴᠢᠮ᠎ᠠ ᠤᠷᠤᠭᠤ ᠲᠡᠮᠡᠦᠯᠦᠭᠡᠳ
ᠦᠶᠡᠷᠬᠡᠵᠦ ᠰᠡᠳᠬᠢᠯ ‍ᠢᠶ᠋ᠡᠨ ᠢᠯᠡᠴᠢᠯᠡᠮᠡᠷ ᠯᠡ ᠪᠠᠶ᠋ᠢᠨ᠎ᠠ
ᠠᠯᠢ ᠨᠤᠲᠤᠭ ‍ᠤᠨ ᠪᠦᠰᠡᠭᠦᠢ ᠪᠤᠢ ᠴᠢ
ᠠᠵᠢᠯ ᠠᠯᠪᠠ ᠴᠢᠨᠢ ᠬᠠᠮᠢᠭ᠎ᠠ ᠨᠢ ᠪᠤᠢ ᠬᠦ᠋
ᠭᠠᠷ ᠪᠠᠷᠢᠨ ᠲᠠᠨᠢᠯᠴᠠᠬᠤ ‍ᠤᠤ ᠳ᠋ᠠ
ᠭᠡᠷ ᠣᠷᠣᠨ ‍ᠳᠤ ᠴᠢᠨᠢ ᠬᠦᠷᠭᠡᠭᠡᠳ ᠥᠭᠬᠦ ‍ᠤᠤ ᠳ᠋ᠠ

ᠵᠢᠰᠦ ᠦᠵᠡᠭᠡ ᠦᠭᠡᠢ ᠬᠠᠷ᠎ᠠ ᠬᠦᠦ ᠮᠢᠨᠢ ᠳ᠋ᠠ
ᠵᠦᠭᠡᠷ ᠳᠡᠷᠭᠡᠳᠡ ᠎ᠡᠴᠡ ᠶᠠᠪᠤᠴᠢᠬᠠᠬᠤ ᠦᠭᠡᠢ ‍ᠤᠤ
ᠰᠠᠶ᠋ᠢᠬᠠᠨ ᠦᠭᠡᠨ ‍ᠳᠦ ᠴᠢᠨᠢ ᠤᠶᠠᠷᠠᠨ᠎ᠠ ᠬᠡ ‍ᠤᠤ
ᠰᠠᠨᠠᠭ᠎ᠠ ᠠᠯᠳᠠᠭᠠᠳ ᠶᠠᠭᠠᠬᠢᠬᠤᠪ ᠳ᠋ᠠ
ᠥᠪᠡᠷ ‍ᠢᠶ᠋ᠡᠨ ᠬᠠᠮᠢᠭᠠᠬᠢ ‍ᠶ᠋ᠢᠨ ᠵᠠᠯᠠᠭᠤ ᠪᠤᠢ ᠴᠢ
ᠨᠠᠮ᠎ᠠ ‍ᠶ᠋ᠢ ᠶᠠᠭᠤᠨ ‍ᠳᠤ ᠎ᠪᠠᠨ ᠰᠢᠷᠲᠡᠨ᠎ᠡ ᠪᠤᠢ ᠬᠦ᠋
ᠲᠦᠷ ᠵᠠᠭᠤᠷᠠᠬᠠᠨ ᠱᠣᠬᠣᠭᠣᠷᠬᠠᠭᠰᠠᠨ ᠪᠣᠯ
ᠲᠦᠷᠭᠡᠨ ᠳᠡᠷᠭᠡᠳᠡ ᠎ᠡᠴᠡ ᠬᠣᠯᠠᠳᠠᠨ᠎ᠠ ‍ᠤᠤ ᠵᠠᠯᠠᠭᠤ ᠮᠢᠨᠢ

ᠬᠥᠮᠦᠨ ᠪᠦᠬᠦᠨ ‍ᠦ ᠬᠠᠶ᠋ᠢᠷ᠎ᠠ ‍ᠶ᠋ᠢ ᠪᠤᠯᠢᠶᠠᠮᠠᠷ
ᠬᠥᠭᠡᠷᠦᠬᠦᠨ ᠲᠥᠷᠥᠭᠰᠡᠨ ᠪᠦᠰᠡᠭᠦᠢ ᠪᠤᠢ ᠴᠢ
ᠬᠦᠷᠡᠩ ᠵᠢᠷᠦᠬᠡ ᠮᠢᠨᠢ ᠪᠤᠯᠭᠢᠯᠠᠭᠠᠳ ᠯᠡ ᠪᠠᠶ᠋ᠢᠨ᠎ᠠ
ᠬᠦᠰᠡᠯ ᠰᠡᠳᠬᠢᠯ ‍ᠢᠶ᠋ᠡᠨ ᠬᠡᠯᠡᠮᠡᠷ ᠪᠠᠶ᠋ᠢᠬᠤ ᠶᠤᠮ ᠠ᠋
ᠠᠯᠢ ᠨᠤᠲᠤᠭ ‍ᠤᠨ ᠪᠦᠰᠡᠭᠦᠢ ᠪᠤᠢ ᠴᠢ
ᠠᠵᠢᠯ ᠠᠯᠪᠠ ᠴᠢᠨᠢ ᠬᠠᠮᠢᠭ᠎ᠠ ᠨᠢ ᠪᠤᠢ ᠬᠦ᠋
ᠲᠦᠷ ᠰᠠᠭᠠᠲᠠᠭᠠᠳ ᠠᠭᠤᠯᠵᠠᠬᠤ ᠦᠭᠡᠢ ‍ᠤᠤ ᠬᠦ᠋
ᠲᠠᠨ ‍ᠢ ᠭᠡᠷ ᠎ᠲᠦ ᠴᠢᠨᠢ ᠳᠥᠭᠥᠭᠦᠯᠵᠦ ᠥᠭᠬᠦ ‍ᠤᠤ ᠳ᠋ᠠ

ᠡᠷ᠎ᠡ ᠬᠥᠮᠦᠨ ‍ᠦ ᠰᠢᠨᠵᠢ ‍ᠶ᠋ᠢ ᠪᠦᠷᠢᠳᠦᠭᠦᠯᠦᠭᠰᠡᠨ
ᠡᠶᠡᠯᠳᠡᠭ ᠵᠠᠩ ᠎ᠲᠠᠢ ᠬᠠᠷ᠎ᠠ ᠬᠦᠦ ᠶᠤᠮ ᠠ᠋
ᠡᠬᠡᠨᠡᠷ ᠬᠡᠦᠬᠡᠳ ᠦᠭᠡᠢ ᠨᠢ ᠦᠨᠡᠨ ᠶᠤᠮ ᠪᠣᠯ
ᠡᠷᠭᠢᠭᠡᠳ ᠠᠭᠤᠯᠵᠠᠬᠤ ‍ᠳᠤ ᠲᠠᠲᠠᠭᠠᠯᠵᠠᠬᠤ ᠦᠭᠡᠢ ᠪᠢ
ᠥᠪᠡᠷ ‍ᠢᠶ᠋ᠡᠨ ᠬᠠᠮᠢᠭᠠᠬᠢ ‍ᠶ᠋ᠢᠨ ᠵᠠᠯᠠᠭᠤ ᠪᠤᠢ ᠴᠢ
ᠨᠠᠮ᠎ᠠ ‍ᠶ᠋ᠢ ᠶᠠᠭᠤᠨ ‍ᠳᠤ ᠎ᠪᠠᠨ ᠰᠢᠷᠲᠡᠨ᠎ᠡ ᠪᠤᠢ ᠬᠦ᠋
ᠲᠦᠷ ᠵᠠᠭᠤᠷᠠᠬᠠᠨ ᠱᠣᠬᠣᠭᠣᠷᠬᠠᠭᠰᠠᠨ ᠪᠣᠯ
ᠲᠦᠷᠭᠡᠨ ᠳᠡᠷᠭᠡᠳᠡ ᠎ᠡᠴᠡ ᠬᠣᠯᠠᠳᠠᠨ᠎ᠠ ‍ᠤᠤ ᠵᠠᠯᠠᠭᠤ ᠮᠢᠨᠢ

ᠦᠨᠦᠰᠦᠭᠡᠳ ᠠᠪᠤᠮᠠᠷ ᠬᠥᠭᠡᠷᠦᠬᠦᠨ ᠲᠥᠷᠥᠭᠰᠡᠨ
ᠦᠨᠡᠬᠡᠷ ᠰᠠᠶ᠋ᠢᠬᠠᠨ ᠪᠦᠰᠡᠭᠦᠢ ᠪᠤᠢ ᠴᠢ
ᠥᠪᠡᠷ ‍ᠦᠨ ᠡᠷᠬᠡ ᠦᠭᠡᠢ ᠴᠢᠮ᠎ᠠ ᠤᠷᠤᠭᠤ ᠲᠠᠲᠠᠭᠳᠠᠭᠠᠳ
ᠦᠶᠡᠷᠬᠡᠵᠦ ᠰᠡᠳᠬᠢᠯ ‍ᠢᠶ᠋ᠡᠨ ᠢᠯᠡᠴᠢᠯᠡᠮᠡᠷ ᠯᠡ ᠪᠠᠶ᠋ᠢᠨ᠎ᠠ
ᠠᠯᠢ ᠨᠤᠲᠤᠭ ‍ᠤᠨ ᠪᠦᠰᠡᠭᠦᠢ ᠪᠤᠢ ᠴᠢ
ᠠᠵᠢᠯ ᠠᠯᠪᠠ ᠴᠢᠨᠢ ᠬᠠᠮᠢᠭ᠎ᠠ ᠨᠢ ᠪᠤᠢ ᠬᠦ᠋
ᠠᠯᠳᠠᠷ ᠨᠡᠷ᠎ᠡ ᠎ᠪᠡᠨ ᠬᠡᠯᠡᠴᠢᠬᠡᠬᠦ ᠦᠭᠡᠢ ‍ᠤᠤ ᠬᠦ᠋
ᠠᠯᠢᠪ ᠭᠡᠷ ᠎ᠲᠦ ᠴᠢᠨᠢ ᠳᠥᠭᠥᠭᠦᠯᠵᠦ ᠥᠭᠬᠦ ‍ᠤᠤ ᠳ᠋ᠠ

ᠬᠡᠦᠬᠡᠨ ᠎ᠨᠤᠭᠦᠳ ᠪᠢᠳᠡᠨ ‍ᠦ ᠬᠠᠶ᠋ᠢᠷ᠎ᠠ ‍ᠶ᠋ᠢ ᠪᠤᠯᠢᠶᠠᠮᠠᠷ
ᠬᠥᠭᠡᠷᠦᠬᠦᠨ ᠠᠭᠠᠰᠢ ᠎ᠲᠠᠢ ᠬᠠᠷ᠎ᠠ ᠬᠦᠦ ᠶᠤᠮ ᠠ᠋ ᠴᠢ
ᠬᠦᠷᠡᠩ ᠵᠢᠷᠦᠬᠡ ‍ᠶ᠋ᠢ ᠪᠤᠯᠭᠢᠯᠠᠭᠤᠯᠤᠭᠰᠠᠨ
ᠬᠡᠨ ᠬᠥᠮᠦᠨ ‍ᠦ ᠦᠷ᠎ᠡ ᠪᠤᠢ ᠬᠦ᠋
ᠬᠠᠩᠭᠠᠢ ᠭᠣᠪᠢ ‍ᠶ᠋ᠢᠨ ᠦᠵᠡᠮᠵᠢ ᠪᠦᠷᠢᠳᠦᠭᠦᠯᠦᠭᠰᠡᠨ
ᠬᠣᠩᠭᠣᠷ ᠨᠤᠲᠤᠭ ‍ᠤᠨ ᠪᠦᠰᠡᠭᠦᠢ ᠳ᠋ᠠ ᠪᠢ
ᠨᠡᠷ᠎ᠡ ᠠᠯᠳᠠᠷ ‍ᠢᠶ᠋ᠠᠨ ᠬᠡᠯᠡᠴᠢᠬᠡᠮᠡᠷ ᠦᠭᠡᠢ ᠪᠠᠶ᠋ᠢᠨ᠎ᠠ
ᠨᠠᠮ᠎ᠠ ‍ᠶ᠋ᠢ ᠵᠥᠪ ‍ᠢᠶ᠋ᠡᠷ ᠣᠶ᠋ᠢᠯᠠᠭᠠᠨ᠎ᠠ ᠪᠢᠵᠡ ᠳ᠋ᠡ ᠴᠢ

ᠠᠵᠠ ᠎ᠪᠠᠷ ᠤᠴᠠᠷᠠᠭᠰᠠᠨ ᠰᠠᠶ᠋ᠢᠬᠠᠨ ᠴᠢᠮ᠎ᠠ ᠎ᠲᠠᠢ ᠎ᠪᠠᠨ
ᠠᠮᠢᠳᠤ ‍ᠶ᠋ᠢᠨ ᠵᠢᠷᠭᠠᠯ ᠡᠳ᠌ᠯᠡᠶ᠎ᠡ ᠳ᠋ᠠ ᠬᠦ᠋
ᠦᠷ᠎ᠡ ᠤᠳᠤᠮ ‍ᠢᠶ᠋ᠠᠨ ᠥᠨᠢᠷᠵᠢᠭᠦᠯᠦᠭᠡᠳ
ᠡᠭᠦᠷᠢᠳᠡ ‍ᠶ᠋ᠢᠨ ᠵᠢᠷᠭᠠᠯ ᠡᠳ᠌ᠯᠡᠶ᠎ᠡ ᠬᠣᠶᠠᠭᠤᠯᠠ ᠎ᠪᠠᠨ
ᠡᠭᠦᠷᠢᠳᠡ ‍ᠶ᠋ᠢᠨ ᠵᠢᠷᠭᠠᠯ ᠡᠳ᠌ᠯᠡᠶ᠎ᠡ ᠬᠣᠶᠠᠭᠤᠯᠠ ᠎ᠪᠠᠨ