ᠠᠪᠤ ᠡᠵᠢ ᠬᠣᠶᠠᠷ- ᠤᠯᠠᠭᠠᠨᠴᠡᠴᠡᠭАав ээж хоёр-улаанцэцэг

ᠠᠪᠤ ᠡᠵᠢ ᠬᠣᠶᠠᠷ
ᠵᠣᠬᠢᠶᠠᠭᠴᠢ — ᠤᠯᠠᠭᠠᠨᠴᠡᠴᠡᠭ
ᠠᠬᠢ ᠶ᠋ᠢᠨ ᠦᠨᠦᠷ ᠲᠡᠢ ᠲᠠᠯ᠎ᠠ ᠪᠠᠷ ᠶ᠋ᠢᠠᠨ
ᠠᠲᠤᠭᠤ ᠪᠠᠨ ᠬᠠᠷᠢᠭᠤᠯᠤᠭᠰᠠᠨ ᠠᠪᠤ ᠮᠢᠨᠢ
ᠠᠯᠠᠭ ᠴᠡᠴᠡᠭᠡᠰ ᠦ᠋ᠨ ᠳᠤᠮᠳᠠᠭᠤᠷ ᠶ᠋ᠢᠠᠨ
ᠠᠷᠤᠭ ᠶ᠋ᠢᠠᠨ ᠡᠭᠦᠷᠦᠭᠰᠡᠨ ᠡᠵᠢ ᠮᠢᠨᠢ
ᠠᠲᠤᠭᠤᠨ ᠳᠤ ᠶᠠᠪᠤᠭᠰᠠᠨ ᠠᠪᠤ ᠮᠢᠨᠢ
ᠠᠷᠭᠠᠯ ᠶ᠋ᠢᠠᠨ ᠬᠣᠷᠮᠣᠶ᠋ᠢᠯᠠᠭᠰᠠᠨ ᠡᠵᠢ ᠮᠢᠨᠢ
ᠴᠡᠩᠭᠡᠭ ᠪᠤᠯᠠᠭ ᠦ᠋ᠨ ᠬᠥᠪᠡᠭᠡ ᠪᠡᠷ
ᠰᠦᠷᠦᠭ ᠶ᠋ᠢᠡᠨ ᠬᠠᠷᠢᠭᠤᠯᠤᠨ ᠪᠠᠶᠠᠰᠤᠭᠰᠠᠨ
ᠰᠦ᠋ ᠴᠠᠬ᠋ᠠ ᠪᠠᠨ ᠪᠢᠯᠬᠠᠭᠤᠯᠤᠭᠠᠳ
ᠰᠡᠤᠠᠬᠢᠯ ᠪᠠᠶᠠᠨ ᠵᠢᠷᠭᠠᠭᠰᠠᠨ
ᠰᠦᠷᠦᠭ ᠶ᠋ᠢᠡᠨ ᠬᠠᠷᠢᠭᠤᠯᠤᠭᠰᠠᠨ ᠠᠪᠤ ᠮᠢᠨᠢ
ᠰᠡᠤᠠᠬᠢᠯ ᠪᠠᠶᠠᠨ ᠡᠵᠢ ᠮᠢᠨᠢ
ᠨᠤᠲᠤᠭ ᠦ᠋ᠨ ᠪᠤᠭᠤᠷᠤᠯ ᠬᠣᠷᠸ᠋᠎ᠠ ᠳᠤ ᠪᠠᠨ
ᠰᠥᠭᠥᠤᠠᠴᠦ ᠰᠦᠰᠦᠭᠯᠡᠲᠡᠭ ᠠᠪᠤ ᠮᠢᠨᠢ
ᠨᠠᠷᠠᠨ ᠪ ᠡᠷᠲᠡ ᠳᠤ ᠴᠠᠢ ᠪᠠᠨ
ᠰᠠᠴᠤᠯᠢ ᠡᠷᠭᠦᠲᠡᠭ ᠡᠵᠢ ᠮᠢᠨᠢ
ᠪᠤᠷᠬᠠᠨ ᠰᠡᠤᠠᠬᠢᠯ ᠲᠡᠢ ᠠᠪᠤ ᠮᠢᠨᠢ
ᠪᠤᠶᠠᠨ ᠬᠡᠰᠢᠭ ᠲᠠᠢ ᠡᠵᠢ ᠮᠢᠨᠢ
