ᠬᠠᠪᠤᠷ ᠭᠡᠳᠡᠭ- ᠪᠣᠷᠵᠢᠭᠢᠨ ᠣᠤᠠᠬᠣᠨᠪᠠᠶᠠᠷХавар гэдэг-боржгин отгонбаяр

ᠬᠠᠪᠤᠷ ᠭᠡᠳᠡᠭ
— ᠪᠣᠷᠵᠢᠭᠢᠨ ᠣᠤᠠᠬᠣᠨᠪᠠᠶᠠᠷ
ᠰᠢᠨ᠎ᠡ ᠵᠢᠯ ᠴᠠᠭᠠᠨ ᠰᠠᠷ᠎ᠠ ᠶ᠋ᠢ ᠬᠠᠪᠤᠷ ᠭᠡᠳᠡᠭ
ᠰᠠᠯᠬᠢ ᠪᠦᠯᠢᠶᠡᠰᠴᠦ ᠬᠦᠢᠲᠡᠨ ᠨᠠᠮᠲᠠᠬᠤ ᠶ᠋ᠢ ᠬᠠᠪᠤᠷ ᠭᠡᠳᠡᠭ
ᠰᠢᠪᠡᠷᠢ ᠭᠥᠯᠥᠭᠡᠯᠡᠵᠦ ᠠᠲᠤᠭᠤ ᠢᠲᠡᠬᠦ ᠶ᠋ᠢ ᠬᠠᠪᠤᠷ ᠭᠡᠳᠡᠭ
ᠰᠢᠷᠣᠢ ᠵᠥᠭᠡᠯᠡᠷᠡᠵᠦ ᠢᠷᠭᠤᠢ ᠨᠢᠲᠦᠯᠡᠬᠦ ᠶ᠋ᠢ ᠬᠠᠪᠤᠷ ᠭᠡᠳᠡᠭ
ᠬᠣᠨᠣᠭᠯᠠᠯ ᠲᠤᠯᠵᠤ ᠢᠴᠡᠭᠰᠡᠳ ᠬᠥᠲᠡᠯᠬᠦ ᠶ᠋ᠢ ᠬᠠᠪᠤᠷ ᠭᠡᠳᠡᠭ
ᠬᠠᠲᠠᠬ᠋ᠠ ᠤᠨᠠᠵᠤ ᠭᠣᠣᠯ ᠭᠤᠷᠴᠢᠭᠢᠨᠠᠬᠤ ᠶ᠋ᠢ ᠬᠠᠪᠤᠷ ᠭᠡᠳᠡᠭ
ᠬᠠᠷᠭᠠᠨ᠎ᠠ ᠬᠤᠸᠠᠷᠯᠠᠵᠤ ᠭᠦᠢᠯᠡᠰᠦ ᠰᠠᠭᠤᠬᠤ ᠶ᠋ᠢ ᠬᠠᠪᠤᠷ ᠭᠡᠳᠡᠭ
ᠬᠠᠶ᠋ᠢᠯᠠᠰᠤ ᠮᠥᠴᠢᠷᠯᠡᠵᠦ ᠵᠤᠬ᠋ᠠ ᠵᠤᠭᠠᠯᠠᠬᠤ ᠶ᠋ᠢ ᠬᠠᠪᠤᠷ ᠭᠡᠳᠡᠭ
ᠤᠯᠠᠷᠢᠯ ᠰᠣᠯᠢᠬᠲᠠᠵᠤ ᠬᠠᠪᠤᠷ ᠡᠬᠢᠯᠡᠬᠦ ᠶ᠋ᠢ ᠬᠠᠪᠤᠷ ᠭᠡᠳᠡᠭ
ᠡᠲᠦᠷ ᠤᠷᠲᠤᠤᠠᠴᠤ ᠰᠥᠨᠢ ᠪᠣᠭᠣᠨᠢᠰᠬᠤ ᠶ᠋ᠢ ᠬᠠᠪᠤᠷ ᠭᠡᠳᠡᠭ
ᠠᠲᠤᠭᠤ ᠳᠡᠯᠯᠡᠵᠦ ᠦᠷᠢᠶ᠎ᠡ ᠡᠰᠬᠡᠬᠦ ᠶ᠋ᠢ ᠬᠠᠪᠤᠷ ᠭᠡᠳᠡᠭ
ᠠᠭᠤᠯᠠ ᠬᠥᠬᠡᠷᠡᠵᠦ ᠨᠣᠭᠣᠬ᠋᠎ᠠ ᠵᠤᠵᠠᠭᠠᠷᠠᠬᠤ ᠶ᠋ᠢ ᠬᠠᠪᠤᠷ ᠭᠡᠳᠡᠭ
ᠨᠠᠷᠠ ᠨᠠᠭᠠᠰᠢᠯᠠᠵᠤ ᠴᠠᠰᠤ ᠬᠠᠶ᠋ᠢᠯᠬᠤ ᠶ᠋ᠢ ᠬᠠᠪᠤᠷ
ᠭᠡᠳᠡᠭ
ᠨᠠᠰᠤ ᠨᠡᠮᠡᠵᠦ ᠣᠨ ᠡᠬᠢᠯᠡᠬᠦ ᠶ᠋ᠢ ᠬᠠᠪᠤᠷ ᠭᠡᠳᠡᠭ
ᠨᠠᠭᠤᠷ ᠳᠤᠨᠢᠶᠠᠷᠠᠵᠤ ᠨᠤᠭᠤᠰᠤ ᠤᠮᠪᠠᠬᠤ ᠶ᠋ᠢ ᠬᠠᠪᠤᠷ ᠭᠡᠳᠡᠭ
ᠨᠣᠭᠣᠬ᠋᠎ᠠ ᠭᠠᠷᠴᠤ ᠭᠠᠵᠠᠷ ᠬᠥᠬᠡᠷᠡᠬᠦ ᠶ᠋ᠢ ᠬᠠᠪᠤᠷ ᠭᠡᠳᠡᠭ
