ᠨᠠᠮᠢᠷ ‍ᠤᠨ ᠭᠣᠣᠯ- ᠲᠠᠸᠠᠳᠠᠯᠠᠢ ᠂ ᠪᠢᠮᠪᠠᠵᠠᠪНамирийн гол-Даваадалай , бямбажав ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠢᠷ ‍ᠤᠨ ᠭᠣᠣᠯ- ᠲᠠᠸᠠᠳᠠᠯᠠᠢ ᠂ ᠪᠢᠮᠪᠠᠵᠠᠪНамирийн гол-Даваадалай , бямбажав

ᠨᠠᠮᠢᠷ ‍ᠤᠨ ᠭᠣᠣᠯ- ᠲᠠᠸᠠᠳᠠᠯᠠᠢ ᠂ ᠪᠢᠮᠪᠠᠵᠠᠪНамирийн гол-Даваадалай , бямбажав

ᠠᠩᠭᠢᠯᠠᠯ:ᠳᠠᠭᠤᠤ ᠬᠥᠭᠵᠢᠮ
2023-02-15

369

ᠨᠠᠮᠢᠷ ‍ᠤᠨ ᠭᠣᠣᠯ

    ᠦᠭᠡ ᠄ ᠴ · ᠰᠠᠶ᠋ᠢᠨᠨᠢᠮᠪᠤ
    ᠠᠶ᠎ᠠ ᠄ ᠮ · ᠪᠢᠮᠪᠠᠵᠠᠪ
    ᠳᠠᠭᠤᠴᠢᠨ ᠄ ᠲᠠᠸᠠᠳᠠᠯᠠᠢ ᠂ ᠪᠢᠮᠪᠠᠵᠠᠪ
ᠬᠠᠳᠠᠨ ᠳᠤᠮᠳᠠᠭᠤᠷ ᠬᠠᠷᠬᠢᠶᠠᠳᠠᠬᠤ
ᠬᠠᠳᠠᠨ ᠲᠤᠩᠭᠠᠯᠠᠭ ᠤᠰᠤ ‍ᠤᠤ ᠳ᠋ᠠ ᠬᠦ᠋
ᠬᠠᠯᠢᠯ ᠮᠥᠩᠭᠥᠨ ᠲᠦᠷᠦᠭᠦᠦ ᠎ᠲᠡᠢ
ᠬᠠᠶ᠋ᠢᠷᠬᠠᠨ ᠴᠠᠭᠠᠨ ᠰᠢᠪᠠᠭᠤᠲᠤ ᠮᠢᠨᠢ ᠡ ᠬᠦ᠋

ᠨᠠᠮᠢᠷ ‍ᠤᠨ ᠭᠣᠣᠯ
ᠨᠠᠮᠢᠷ ‍ᠤᠨ ᠭᠣᠣᠯ
ᠮᠢᠨᠦ ᠬᠣᠶᠠᠷ ᠪᠤᠭᠤᠷᠤᠯ ‍ᠤᠨ ᠨᠤᠲᠤᠭ
ᠮᠢᠩᠭᠠᠨ ᠡᠷᠳᠡᠨᠢ ‍ᠶ᠋ᠢᠨ ᠥᠯᠥᠭᠡᠢ ᠮᠢᠨᠢ ᠳ᠋ᠠ ᠬᠦ᠋
ᠨᠠᠮᠢᠷ ‍ᠤᠨ ᠭᠣᠣᠯ
ᠨᠠᠮᠢᠷ ‍ᠤᠨ ᠭᠣᠣᠯ
ᠮᠢᠨᠦ ᠬᠣᠶᠠᠷ ᠪᠤᠭᠤᠷᠤᠯ ‍ᠤᠨ ᠨᠤᠲᠤᠭ ‍ᠢᠶ᠋ᠠᠷ
ᠮᠢᠷᠠᠯᠵᠠᠨ ᠤᠷᠤᠰᠳᠠᠭ ᠭᠣᠣᠯ ᠶᠤᠮ ᠠ᠋ ᠬᠦ᠋

ᠭᠣᠪᠢ ᠭᠠᠲᠤᠯᠤᠨ ᠤᠷᠤᠰᠬᠤ
ᠭᠠᠩ ‍ᠤᠨ ᠲᠠᠶ᠋ᠢᠳᠠᠢ ᠮᠥᠷᠡᠨ ᠮᠥᠷᠡᠨ ‍ᠤᠤ ᠳ᠋ᠠ ᠬᠦ᠋
ᠭᠠᠵᠠᠷ ‍ᠤᠨ ᠬᠣᠯᠠ ᠠ᠋ᠴᠠ ᠰᠠᠨᠠᠭᠳᠠᠬᠤ
ᠭᠠᠭᠴᠠᠬᠠᠨ ᠵᠠᠶᠠᠭᠠᠭᠰᠠᠨ ᠨᠤᠲᠤᠭ ᠮᠢᠨᠢ ᠠ᠋ ᠬᠦ᠋
     ᠳᠠᠬᠢᠯᠲᠠ
ᠲᠣᠭᠣᠨᠣ ᠎ᠪᠠᠷ ᠥᠩᠭᠡᠶ᠋ᠢᠬᠦ ᠪᠠᠶ᠋ᠢᠴᠠ ᠎ᠨᠤᠭᠤᠳ ‍ᠢ
ᠲᠣᠯᠢᠳᠠᠨ ᠤᠷᠤᠰᠳᠠᠭ ᠭᠣᠣᠯ ‍ᠤᠤ ᠳ᠋ᠠ ᠬᠦ᠋
ᠲᠡᠰ ‍ᠦᠨ ᠵᠢᠭᠦᠷ ᠴᠣᠴᠢᠭᠠᠭᠰᠠᠨ
ᠢᠷᠭᠠᠶ᠋ᠢᠳᠤ ᠂ ᠶᠣᠯᠣ ‍ᠶ᠋ᠢᠨ ᠠᠭᠤᠯᠠ ᠮᠢᠨᠢ ᠠ᠋ ᠬᠦ᠋
      ᠳᠠᠬᠢᠯᠲᠠ
ᠨᠠᠮᠢᠷ ‍ᠤᠨ ᠭᠣᠣᠯ
ᠨᠠᠮᠢᠷ ‍ᠤᠨ ᠭᠣᠣᠯ
ᠮᠢᠨᠦ ᠬᠣᠶᠠᠷ ᠪᠤᠭᠤᠷᠤᠯ ‍ᠤᠨ ᠨᠤᠲᠤᠭ
ᠮᠢᠩᠭᠠᠨ ᠡᠷᠳᠡᠨᠢ ‍ᠶ᠋ᠢᠨ ᠥᠯᠥᠭᠡᠢ ᠮᠢᠨᠢ ᠳ᠋ᠠ ᠬᠦ᠋
ᠨᠠᠮᠢᠷ ‍ᠤᠨ ᠭᠣᠣᠯ
ᠨᠠᠮᠢᠷ ‍ᠤᠨ ᠭᠣᠣᠯ
ᠮᠢᠨᠦ ᠬᠣᠶᠠᠷ ᠪᠤᠭᠤᠷᠤᠯ ‍ᠤᠨ ᠨᠤᠲᠤᠭ ‍ᠢᠶ᠋ᠠᠷ
ᠮᠢᠷᠠᠯᠵᠠᠨ ᠤᠷᠤᠰᠳᠠᠭ ᠭᠣᠣᠯ ᠶᠤᠮ ᠠ᠋ ᠬᠦ᠋
ᠮᠢᠩᠭᠠᠨ ᠡᠷᠳᠡᠨᠢ ‍ᠶ᠋ᠢᠨ ᠥᠯᠥᠭᠡᠢ ᠮᠢᠨᠢ ᠳ᠋ᠠ ᠬᠦ᠋