ᠬᠠᠢᠷᠠᠨ ᠳ᠋ᠠᠭᠠᠨ ᠭᠡᠷᠯᠡᠶ᠎ᠡ ᠬᠣᠶᠠᠭᠤᠯᠠ ᠪᠡᠨ -ᠣᠶᠤᠨᠪᠠᠲᠤ ᠂ ᠪᠠᠳᠡᠷᠡᠯᠮ᠎ᠠХайрандаа гэрлэе хоёулаа-оюунбат , бадралам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷᠠᠨ ᠳ᠋ᠠᠭᠠᠨ ᠭᠡᠷᠯᠡᠶ᠎ᠡ ᠬᠣᠶᠠᠭᠤᠯᠠ ᠪᠡᠨ -ᠣᠶᠤᠨᠪᠠᠲᠤ ᠂ ᠪᠠᠳᠡᠷᠡᠯᠮ᠎ᠠХайрандаа гэрлэе хоёулаа-оюунбат , бадралам

ᠬᠠᠢᠷᠠᠨ ᠳ᠋ᠠᠭᠠᠨ ᠭᠡᠷᠯᠡᠶ᠎ᠡ ᠬᠣᠶᠠᠭᠤᠯᠠ ᠪᠡᠨ -ᠣᠶᠤᠨᠪᠠᠲᠤ ᠂ ᠪᠠᠳᠡᠷᠡᠯᠮ᠎ᠠХайрандаа гэрлэе хоёулаа-оюунбат , бадралам

ᠠᠩᠭᠢᠯᠠᠯ:ᠳᠠᠭᠤᠤ ᠬᠥᠭᠵᠢᠮ
2023-02-15

298

ᠬᠠᠢᠷᠠᠨ ᠳ᠋ᠠᠭᠠᠨ ᠭᠡᠷᠯᠡᠶ᠎ᠡ ᠬᠣᠶᠠᠭᠤᠯᠠ ᠪᠡᠨ

      ᠦᠭᠡ ᠄ ᠪᠣᠯᠤᠷᠴᠡᠷᠡᠨ ( ᠮᠣᠩᠭᠣᠯ )
      ᠠᠶ᠎ᠠ ᠄ ᠫᠦᠷᠪᠤᠰᠦᠷᠦᠩ ( ᠮᠣᠩᠭᠣᠯ )

      ᠳᠠᠭᠤᠴᠢᠨ ᠄ ᠣᠶᠤᠨᠪᠠᠲᠤ ᠂ ᠪᠠᠳᠡᠷᠡᠯᠮ᠎ᠠ ( ᠮᠣᠩᠭᠣᠯ )

ᠪᠣᠷᠣᠭᠠᠨ ‍ᠤ ᠳᠠᠷᠠᠭᠠᠬᠢ ᠲᠩᠷᠢ ᠨᠢ ᠶᠠᠭᠠᠬᠢᠬᠰᠠᠨ ᠴᠤ᠌ ᠶᠡᠬᠡ ᠨᠢᠯᠠᠬᠠᠰᠡᠨ᠎ᠠ ᠪᠤᠢ
ᠪᠣᠳᠣᠭᠰᠠᠭᠠᠷ ᠯᠡ ᠬᠦᠷᠦᠶ᠎ᠡ ᠴᠢᠮ᠎ᠠ ᠳ᠋ᠠᠭᠠᠨ ᠰᠠᠯᠬᠢ ᠎ᠪᠠᠷ ᠢᠯᠪᠢᠬᠦᠯᠵᠤ ᠲᠣᠭᠤᠯᠤᠭᠠᠳ ᠯᠡ
ᠪᠤᠷᠬᠠᠨ ᠠᠭᠤᠯᠠ ‍ᠶ᠋ᠢᠨ ᠵᠢᠮᠢᠰ ᠨᠢ ᠬᠦ᠋ ᠶᠠᠭᠠᠬᠢᠬᠰᠠᠨ ᠴᠤ᠌ ᠶᠡᠬᠡ ᠤᠷᠭᠤᠭ᠎ᠠ ᠪᠤᠢ
ᠪᠣᠲᠣᠭᠣᠨ ᠨᠢᠳᠦ ‍ᠶ᠋ᠢ ᠨᠢ ᠰᠢᠷᠲᠡᠬᠦ ᠎ᠪᠡᠷ ᠬᠠᠶ᠋ᠢᠷᠠᠯᠠᠭᠠᠳ ᠦᠨᠦᠰᠦᠶ᠎ᠡ ᠴᠢᠮ᠎ᠠ ᠎ᠪᠡᠨ

ᠠᠳᠤᠭᠤᠨ ‍ᠳᠤ ᠶᠠᠪᠤᠭᠠᠳ ᠢᠷᠡᠬᠦ ᠠᠪᠤ ᠨᠢ ᠪᠢ ᠪᠣᠯᠤᠶ᠎ᠠ
ᠠᠯᠤᠰ ᠠ᠋ᠴᠠ ᠲᠠᠨᠢᠭᠠᠳ ᠲᠤᠰᠬᠤ ᠡᠵᠢ ᠨᠢ ᠪᠢ ᠪᠣᠯᠤᠶ᠎ᠠ
ᠠᠶ᠋ᠢᠯ ᠪᠣᠯᠵᠤ ᠲᠣᠭᠯᠠᠭᠰᠠᠨ ᠴᠢᠯᠠᠭᠤᠨ ᠭᠡᠷ ‍ᠢᠶ᠋ᠡᠨ ᠰᠠᠨᠠᠭ᠎ᠠ ᠳ᠋ᠠ
ᠠᠮᠢᠳᠤᠷᠠᠯ ᠪᠣᠯᠭᠠᠵᠤ ᠦᠨᠡᠮᠰᠢᠭᠰᠡᠨ ᠬᠠᠢᠷᠠᠨ ᠳ᠋ᠠᠭᠠᠨ ᠭᠡᠷᠯᠡᠶ᠎ᠡ ᠬᠣᠶᠠᠭᠤᠯᠠ

ᠦᠳᠡᠰᠢ ᠎ᠪᠡᠷ ᠤᠨᠠᠭᠰᠠᠨ ᠴᠢᠭᠢᠭ ᠨᠢ ᠶᠠᠭᠠᠬᠢᠬᠰᠠᠨ ᠴᠤ᠌ ᠭᠣᠶᠣ ᠦᠨᠦᠷᠲᠦᠨ᠎ᠡ ᠪᠤᠢ
ᠡᠪᠦᠷᠯᠡᠭᠰᠡᠭᠡᠷ ᠬᠦᠷᠦᠶ᠎ᠡ ᠴᠢᠮ᠎ᠠ ᠳ᠋ᠠᠭᠠᠨ ᠰᠠᠷᠠ ᠎ᠲᠠᠢ ᠰᠥᠨᠢ ‍ᠶ᠋ᠢ ᠲᠤᠭᠤᠯᠠᠭᠠᠳ
ᠡᠨᠡ ᠯᠡ ᠨᠠᠮᠤᠷ ‍ᠤᠨ ᠵᠢᠮᠢᠰ ᠨᠢ ᠬᠦ᠋ ᠶᠠᠭᠠᠬᠢᠬᠰᠠᠨ ᠴᠤ᠌ ᠶᠡᠬᠡ ᠨᠢᠳᠦᠯᠡᠭᠡ ᠪᠤᠢ
ᠨᠠᠷᠠᠰᠤᠲᠠᠢ ᠤᠷᠤᠭᠤᠯ ‍ᠢ ᠦᠨᠦᠰᠬᠦ ᠎ᠪᠡᠷ ᠲᠡᠭᠦᠭᠡᠳ ᠥᠭᠭᠦᠶ᠎ᠡ ᠴᠢᠮ᠎ᠠ ᠳ᠋ᠠᠭᠠᠨ ᠪᠢ

ᠠᠯᠤᠰ ᠠ᠋ᠴᠠ ᠲᠠᠨᠢᠭᠠᠳ ᠲᠤᠰᠬᠤ ᠡᠵᠢ ᠨᠢ ᠪᠢ ᠪᠣᠯᠤᠶ᠎ᠠ
ᠠᠳᠤᠭᠤᠨ ‍ᠳᠤ ᠶᠠᠪᠤᠭᠠᠳ ᠢᠷᠡᠬᠦ ᠠᠪᠤ ᠨᠢ ᠪᠢ ᠪᠣᠯᠤᠶ᠎ᠠ
ᠠᠶ᠋ᠢᠯ ᠪᠣᠯᠵᠤ ᠲᠣᠭᠯᠠᠭᠰᠠᠨ ᠴᠢᠯᠠᠭᠤᠨ ᠭᠡᠷ ‍ᠢᠶ᠋ᠡᠨ ᠰᠠᠨᠠᠭ᠎ᠠ ᠳ᠋ᠠ
ᠠᠮᠢᠳᠤᠷᠠᠯ ᠪᠣᠯᠭᠠᠵᠤ ᠦᠨᠡᠮᠰᠢᠭᠰᠡᠨ ᠬᠠᠢᠷᠠᠨ ᠳ᠋ᠠᠭᠠᠨ ᠭᠡᠷᠯᠡᠶ᠎ᠡ ᠬᠣᠶᠠᠭᠤᠯᠠ

ᠳᠤᠯᠠᠭᠠᠬᠠᠨ ᠰᠥᠨᠢ ‍ᠶ᠋ᠢᠨ ᠣᠳᠣᠳ ᠶᠠᠭᠠᠬᠢᠬᠰᠠᠨ ᠴᠤ᠌ ᠶᠡᠬᠡ ᠭᠢᠯᠠᠯᠵᠠᠨ᠎ᠠ ᠪᠤᠢ
ᠳᠤᠲᠠᠭᠤ ᠦᠭᠡᠢ ᠬᠠᠶ᠋ᠢᠷ᠎ᠠ ᠎ᠪᠠᠨ ᠢᠯᠡᠴᠢᠯᠡᠬᠦ ‍ᠳᠦ ᠲᠡᠪᠡᠷᠢᠭᠡᠳ ᠵᠢᠷᠭᠠᠬᠤ ᠎ᠪᠠᠷ ᠣᠴᠢᠯ᠎ᠠ ᠳ᠋ᠠ
ᠳᠤᠷᠠᠯᠠᠭᠰᠠᠨ ᠮᠢᠨᠦ ᠨᠣᠶ᠋ᠢᠷ ᠨᠢ ᠬᠦ᠋ ᠶᠠᠭᠠᠬᠢᠬᠰᠠᠨ ᠴᠤ᠌ ᠶᠡᠬᠡ ᠬᠤᠯᠵᠢᠨ᠎ᠠ ᠪᠤᠢ
ᠳᠥᠷᠦᠭᠡᠨ ᠴᠢᠮᠡᠭᠡ ᠎ᠪᠡᠨ ᠰᠣᠨᠣᠰᠬᠠᠭᠠᠳ ᠳᠠᠭᠤᠯᠠᠭᠠᠳ ᠬᠦᠷᠦᠶ᠎ᠡ ᠴᠢᠮ᠎ᠠ ᠳ᠋ᠠᠭᠠᠨ ᠪᠢ

ᠠᠳᠤᠭᠤᠨ ‍ᠳᠤ ᠶᠠᠪᠤᠭᠠᠳ ᠢᠷᠡᠬᠦ ᠠᠪᠤ ᠨᠢ ᠪᠢ ᠪᠣᠯᠤᠶ᠎ᠠ
ᠠᠯᠤᠰ ᠠ᠋ᠴᠠ ᠲᠠᠨᠢᠭᠠᠳ ᠲᠤᠰᠬᠤ ᠡᠵᠢ ᠨᠢ ᠪᠢ ᠪᠣᠯᠤᠶ᠎ᠠ
ᠠᠶ᠋ᠢᠯ ᠪᠣᠯᠵᠤ ᠲᠣᠭᠯᠠᠭᠰᠠᠨ ᠴᠢᠯᠠᠭᠤᠨ ᠭᠡᠷ ‍ᠢᠶ᠋ᠡᠨ ᠰᠠᠨᠠᠭ᠎ᠠ ᠳ᠋ᠠ
ᠠᠮᠢᠳᠤᠷᠠᠯ ᠪᠣᠯᠭᠠᠵᠤ ᠦᠨᠡᠮᠰᠢᠭᠰᠡᠨ ᠬᠠᠢᠷᠠᠨ ᠳ᠋ᠠᠭᠠᠨ ᠭᠡᠷᠯᠡᠶ᠎ᠡ ᠬᠣᠶᠠᠭᠤᠯᠠ
ᠬᠠᠢᠷᠠᠨ ᠳ᠋ᠠᠭᠠᠨ ᠭᠡᠷᠯᠡᠶ᠎ᠡ ᠬᠣᠶᠠᠭᠤᠯᠠ