ᠬᠠᠢᠷ᠎ᠠ ᠭᠡᠳᠡᠭ- ᠪ · ᠥᠯᠵᠡᠢХайр гэдэг-б · өлзий ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠭᠡᠳᠡᠭ- ᠪ · ᠥᠯᠵᠡᠢХайр гэдэг-б · өлзий

ᠬᠠᠢᠷ᠎ᠠ ᠭᠡᠳᠡᠭ- ᠪ · ᠥᠯᠵᠡᠢХайр гэдэг-б · өлзий

ᠠᠩᠭᠢᠯᠠᠯ:ᠳᠠᠭᠤᠤ ᠬᠥᠭᠵᠢᠮ
2023-02-15

328

ᠬᠠᠢᠷ᠎ᠠ ᠭᠡᠳᠡᠭ

  ᠦᠭᠡ ᠄  · ᠶᠣᠨᠳᠣᠨᠰᠢᠷᠠᠪ
 
ᠠᠶ᠎ᠠ ᠄ ᠮ · ᠲᠡᠮᠦᠵᠢᠨ
 
· ᠥᠯᠵᠡᠢ ᠳᠠᠭᠤᠯᠠᠨ᠎ᠠ

ᠬᠠᠢᠷ᠎ᠠ ᠴᠢ ᠥᠩᠭᠡ ᠲᠡᠭᠦᠰ ᠰᠣᠯᠣᠩᠭ᠎ᠠ ᠶᠤᠮ ‍ᠤᠤ
ᠬᠠᠷᠠᠵᠤ ᠪᠣᠯᠳᠠᠭ ᠦᠭᠡᠢ ᠠᠯᠤᠰ ᠎ᠲᠤ᠌ ᠪᠠᠶ᠋ᠢᠳᠠᠭ ‍ᠤᠤ
ᠬᠠᠢᠷ᠎ᠠ ᠴᠢ ᠠᠶᠠᠯᠭᠤᠲᠤ ᠵᠢᠷᠦᠬᠡᠨ ᠴᠡᠴᠡᠭ ᠶᠤᠮ ‍ᠦᠦ
ᠬᠡᠨ ᠳᠦ ᠴᠤ᠌ ᠰᠣᠨᠣᠰᠤᠭᠳᠠᠬᠤ ᠦᠭᠡᠢ ᠨᠢᠭᠤᠴᠠᠬᠠᠨ ᠪᠠᠶ᠋ᠢᠳᠠᠭ ‍ᠤᠤ
ᠰᠡᠳᠬᠢᠯ ᠰᠡᠷᠭᠦᠭᠡᠵᠦ ᠵᠢᠷᠦᠬᠡ ᠳᠣᠭᠳᠣᠯᠤᠭᠠᠳ
ᠬᠠᠢᠷ᠎ᠠ ᠶᠠᠮᠠᠷ ᠨᠠᠨᠳᠢᠨ ᠶᠤᠮ ᠪᠣᠢ
ᠰᠠᠯᠬᠢᠨ ᠪ ᠠᠶᠠᠰ ᠶ᠋ᠢᠠᠷ ᠪᠣᠳᠣᠯ ᠭᠡᠭᠢᠯᠵᠡᠭᠡᠳ
ᠬᠠᠢᠷ᠎ᠠ ᠶᠠᠮᠠᠷ ᠵᠢᠷᠭᠠᠯᠲᠠᠢ ᠶᠤᠮ ᠪᠣᠢ

ᠬᠠᠢᠷ᠎ᠠ ᠴᠢ ᠦᠨᠦᠷ ᠠᠩᠬᠢᠯᠤᠮ᠎ᠠ ᠰᠠᠷᠠᠨᠠᠢ ᠶᠤᠮ ‍ᠤᠤ
ᠬᠡᠨ ᠳᠦ ᠴᠤ᠌ ᠥᠭᠭᠦᠮᠡᠷ ᠦᠭᠡᠢ ᠭᠠᠭᠴᠠᠬᠠᠨ ᠪᠠᠶ᠋ᠢᠳᠠᠭ ‍ᠤᠤ
ᠬᠠᠢᠷ᠎ᠠ ᠴᠢ ᠤᠶᠠᠷᠠᠵᠤ ᠤᠬᠢᠯᠠᠮᠠᠷ ᠡᠮᠵᠡᠭ ᠶᠤᠮ ‍ᠤᠤ
ᠬᠣᠯᠠ ᠶᠠᠪᠤᠬᠤ  ᠳᠦ ᠰᠠᠨᠠᠮᠠᠷ ᠪᠠᠶ᠋ᠢᠲᠠᠭ ‍ᠤᠤ
ᠰᠡᠳᠬᠢᠯ ᠰᠡᠷᠭᠦᠭᠡᠵᠦ ᠵᠢᠷᠦᠬᠡ ᠳᠣᠭᠳᠣᠯᠤᠭᠠᠳ
ᠬᠠᠢᠷ᠎ᠠ ᠶᠠᠮᠠᠷ ᠨᠠᠨᠳᠢᠨ ᠶᠤᠮ ᠪᠣᠢ
ᠰᠠᠯᠬᠢᠨ ᠪ ᠠᠶᠠᠰ ᠶ᠋ᠢᠠᠷ ᠪᠣᠳᠣᠯ ᠭᠡᠭᠢᠯᠵᠡᠭᠡᠳ
ᠬᠠᠢᠷ᠎ᠠ ᠶᠠᠮᠠᠷ ᠵᠢᠷᠭᠠᠯᠲᠠᠢ ᠶᠤᠮ ᠪᠣᠢ

ᠬᠠᠢᠷ᠎ᠠ ᠴᠢ ᠠᠮᠲᠠ ᠢᠯᠲᠠᠮ ᠳᠠᠷᠠᠰᠤ ᠶᠤᠮ ‍ᠤᠤ
ᠬᠠᠷᠠᠴᠠ ᠪᠠᠷ ᠶ᠋ᠢᠠᠨ ᠪᠣᠳᠣᠯᠢᠨ ᠪᠡᠶᠡᠰᠴᠦ ᠪᠠᠶ᠋ᠢᠳᠠᠭ ‍ᠤᠤ
ᠬᠠᠢᠷ᠎ᠠ ᠴᠢ ᠵᠢᠷᠭᠠᠬᠤ ᠨᠠᠷᠠᠨ ᠪ ᠲᠤᠶᠠᠭ᠎ᠠ ᠶᠤᠮ ‍ᠤᠤ
ᠲᠡᠪᠡᠷᠢᠭᠡᠳ ᠦᠨᠦᠰᠬᠦ  ᠳᠦ ᠳᠤᠷᠠᠯᠠᠮ᠎ᠠ ᠪᠠᠶ᠋ᠢᠳᠠᠭ ‍ᠤᠤ
ᠰᠡᠳᠬᠢᠯ ᠰᠡᠷᠭᠦᠭᠡᠵᠦ ᠵᠢᠷᠦᠬᠡ ᠳᠣᠭᠳᠣᠯᠤᠭᠠᠳ
ᠬᠠᠢᠷ᠎ᠠ ᠶᠠᠮᠠᠷ ᠨᠠᠨᠳᠢᠨ ᠶᠤᠮ ᠪᠣᠢ
ᠰᠠᠯᠬᠢᠨ ᠪ ᠠᠶᠠᠰ ᠶ᠋ᠢᠠᠷ ᠪᠣᠳᠣᠯ ᠭᠡᠭᠢᠯᠵᠡᠭᠡᠳ
ᠬᠠᠢᠷ᠎ᠠ ᠶᠠᠮᠠᠷ ᠵᠢᠷᠭᠠᠯᠲᠠᠢ ᠶᠤᠮ ᠪᠣᠢ

ᠰᠡᠳᠬᠢᠯ ᠰᠡᠷᠭᠦᠭᠡᠵᠦ ᠵᠢᠷᠦᠬᠡ ᠳᠣᠭᠳᠣᠯᠤᠭᠠᠳ
ᠬᠠᠢᠷ᠎ᠠ ᠶᠠᠮᠠᠷ ᠨᠠᠨᠳᠢᠨ ᠶᠤᠮ ᠪᠣᠢ
ᠰᠠᠯᠬᠢᠨ ᠪ ᠠᠶᠠᠰ ᠶ᠋ᠢᠠᠷ ᠪᠣᠳᠣᠯ ᠭᠡᠭᠢᠯᠵᠡᠭᠡᠳ
ᠬᠠᠢᠷ᠎ᠠ ᠶᠠᠮᠠᠷ ᠵᠢᠷᠭᠠᠯᠲᠠᠢ ᠶᠤᠮ ᠪᠣᠢ