ᠲᠩᠷᠢ ᠠᠪᠤ ᠮᠢᠨᠢ- ᠪᠤᠤ ᠲᠢᠶᠠᠨ ᠪᠤᠤТэнгэр аав минь-боо даяан боо
ᠲᠩᠷᠢ ᠠᠪᠤ ᠮᠢᠨᠢ- ᠪᠤᠤ ᠲᠢᠶᠠᠨ ᠪᠤᠤ
ᠦᠭᠡ ᠄ ᠮᠸᠩ ᠰᠥᠩ ᠯᠢᠨ ᠂ ᠨᠢ · ᠪᠠᠶᠠᠷ
ᠠᠶ᠎ᠠ ᠄ ᠨ · ᠵᠠᠩᠴᠢᠨᠨᠤᠷᠪᠤ
ᠪᠤᠤ ᠲᠢᠶᠠᠨ ᠪᠤᠤ ᠳᠠᠭᠤᠯᠠᠨ᠎ᠠ
ᠰᠢᠷᠦᠭᠦᠬᠡᠨ
ᠬᠠᠷᠠᠴᠠ ᠨᠢ ᠪᠣᠳᠣᠭᠳᠠᠭᠠᠳ ᠪᠠᠶ᠋ᠢᠨ᠎ᠠ
ᠰᠢᠩᠭᠡᠭᠰᠡᠨ
ᠬᠠᠶ᠋ᠢᠷ᠎ᠠ ᠨᠢ ᠰᠠᠨᠠᠭᠳᠠᠭᠠᠳ ᠪᠠᠶ᠋ᠢᠨ᠎ᠠ
ᠵᠠᠬᠢᠬᠰᠠᠨ
ᠦᠭᠡ ᠨᠢ ᠰᠣᠨᠣᠰᠤᠭᠳᠠᠭᠠᠳ ᠪᠠᠶ᠋ᠢᠨ᠎ᠠ
ᠵᠢᠭᠠᠭᠰᠠᠨ
ᠵᠦᠭ ᠨᠢ ᠰᠠᠷᠠᠭᠤᠯᠰᠢᠭᠠᠳ ᠪᠠᠶ᠋ᠢᠨ᠎ᠠ
ᠠᠪᠤ ᠯᠡ
ᠲᠠᠨ ᠢ ᠪᠡᠨ ᠰᠠᠨᠠᠭᠠᠳ ᠪᠠᠶ᠋ᠢᠨ᠎ᠠ ᠰᠠᠨᠠᠭᠠᠳ ᠪᠠᠶ᠋ᠢᠨ᠎ᠠ
ᠠᠯᠠᠭᠬᠠᠨ
ᠬᠣᠷᠸ᠋᠎ᠠ ᠣᠭᠣᠰᠣᠷ ᠦᠭᠡᠢ ᠳ᠋ᠡ
ᠠᠯᠲᠠᠨ
ᠲᠣᠭᠣᠨᠣᠲᠤ ᠪᠠᠨ ᠡᠷᠭᠦᠭᠰᠡᠨ ᠠᠪᠤ ᠮᠢᠨᠢ
ᠠᠩᠭᠢᠷ
ᠦᠷ᠎ᠡ ᠳᠦ ᠪᠡᠨ ᠲᠩᠷᠢ ᠳ᠋ᠠ
ᠳᠥᠯᠭᠡᠬᠡᠨ
ᠳᠦᠷᠢ ᠨᠢ ᠰᠡᠷᠭᠦᠭᠡᠳ ᠪᠠᠶ᠋ᠢᠨ᠎ᠠ
ᠳᠥᠷᠪᠡᠨ
ᠴᠠᠭ ᠲᠦ ᠪᠠᠨ ᠰᠡᠷᠡᠭᠡᠭᠡᠳ ᠪᠠᠶ᠋ᠢᠨ᠎ᠠ
ᠳᠤᠯᠠᠭᠠᠬᠠᠨ
ᠡᠪᠦᠷ ᠢ ᠨᠢ ᠦᠭᠡᠶ᠋ᠢᠯᠡᠭᠡᠳ ᠪᠠᠶ᠋ᠢᠨ᠎ᠠ
ᠳᠥᠷᠦᠭᠡᠨ ᠳᠦ
ᠬᠦᠷᠦᠭᠰᠡᠨ ᠢ ᠨᠢ ᠤᠬᠠᠭᠠᠷᠠᠭᠠᠳ ᠪᠠᠶ᠋ᠢᠨ᠎ᠠ
ᠳᠠᠬᠢᠯᠲᠠ
ᠬᠠᠶ᠋ᠢᠷᠠᠲᠠᠢ
ᠨᠤᠲᠤᠭ ᠴᠢᠨᠢ ᠳᠤᠨᠢᠶᠠᠷᠲᠤᠭᠠᠳ ᠪᠠᠶ᠋ᠢᠨ᠎ᠠ
ᠬᠠᠯᠠᠭᠤᠨ
ᠰᠡᠳᠬᠢᠯ ᠤᠨᠳᠤᠷᠤᠭᠠᠳ ᠪᠠᠶ᠋ᠢᠨ᠎ᠠ
ᠬᠠᠨ
ᠥᠨᠳᠥᠷ ᠡᠴᠡ ᠢᠪᠡᠭᠡᠭᠡᠳ ᠪᠠᠶ᠋ᠢᠨ᠎ᠠ
ᠬᠠᠵᠠᠭᠤ ᠳᠤ
ᠮᠢᠨᠢ ᠶᠤᠮ ᠰᠢᠭ᠋ ᠲᠣᠳᠣᠷᠠᠭᠠᠳ ᠪᠠᠶ᠋ᠢᠨ᠎ᠠ
ᠳᠠᠬᠢᠯᠲᠠ
