ᠵᠢᠷᠭᠠᠯᠲᠠᠢ ᠭᠡᠷ ᠪᠦᠯᠢ- ᠪᠠᠶᠠᠨᠳᠠᠯᠠᠢЖаргалтай гэр бүл-баяндалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠠᠯᠲᠠᠢ ᠭᠡᠷ ᠪᠦᠯᠢ- ᠪᠠᠶᠠᠨᠳᠠᠯᠠᠢЖаргалтай гэр бүл-баяндалай

ᠵᠢᠷᠭᠠᠯᠲᠠᠢ ᠭᠡᠷ ᠪᠦᠯᠢ- ᠪᠠᠶᠠᠨᠳᠠᠯᠠᠢЖаргалтай гэр бүл-баяндалай

ᠠᠩᠭᠢᠯᠠᠯ:ᠳᠠᠭᠤᠤ ᠬᠥᠭᠵᠢᠮ
2023-02-14

4665

ᠵᠢᠷᠭᠠᠯᠲᠠᠢ ᠭᠡᠷ ᠪᠦᠯᠢ 

    ᠳᠠᠭᠤᠴᠢᠨ᠄ ᠪᠠᠶᠠᠨᠳᠠᠯᠠᠢ 
ᠦᠷᠯᠥᠬᠡᠨ ᠨᠠᠷᠠ ᠨᠢ ᠬᠤᠢᠮᠣᠷ ᠎ᠡᠴᠡ ᠎ᠮᠢᠨᠢ ᠮᠠᠨᠳᠤᠭᠰᠠᠨ 
ᠥᠷᠭᠦᠭᠡ ᠭᠡᠷ ᠎ᠲᠦ᠍ ᠎ᠮᠢᠨᠢ ᠢᠨᠢᠶᠡᠳᠦ ᠳᠦᠭᠦᠷᠡᠩ 
ᠦᠷ᠎ᠡ ᠠᠴᠢ ᠎ᠶ᠋ᠢᠨ ᠎ᠮᠢᠨᠢ ᠳᠠᠭᠤ ᠴᠠᠯᠭᠢᠭᠰᠠᠨ 
ᠥᠨᠢᠷ ᠪᠦᠯᠢ ᠎ᠪᠠᠨ ᠮᠠᠨ  ᠤ ᠭᠢ ᠭᠡᠳᠡᠭ 
ᠪᠦᠯᠢ ᠨᠡᠮᠡᠨ ᠪᠦᠪᠡᠢ ᠳᠠᠭᠤᠯᠠᠭᠰᠠᠨ 
ᠠᠵᠠ ᠵᠢᠷᠭᠠᠯᠲᠠᠢ ᠭᠡᠷ ᠪᠦᠯᠢ ᠡ 
ᠪᠦᠭᠦᠳᠡ ᠨᠡᠢᠯᠡᠨ ᠠᠮᠢ ᠪᠤᠯᠤᠭᠰᠠᠨ 
ᠦᠨᠡᠨ ᠵᠢᠷᠭᠠᠯᠲᠠᠢ ᠡᠷᠦᠬᠡ ᠭᠡᠷ ᠡ 
ᠬᠠᠶᠠᠭ᠎ᠠ ᠳᠡᠷᠡᠯᠡᠭᠰᠡᠨ ᠤᠯᠠᠨ ᠲᠦᠮᠡᠨ ᠎ᠲᠠᠢ 
ᠬᠠᠨᠠᠲᠤ ᠭᠡᠷ ᠎ᠲᠦ᠍ ᠎ᠮᠢᠨᠢ ᠵᠤᠴᠢᠳ ᠳᠦᠭᠦᠷᠡᠩ
ᠬᠠᠨᠢ ᠢᠵᠢᠯᠢ ᠎ᠶ᠋ᠢᠨ ᠎ᠮᠢᠨᠢ ᠵᠠᠩ ᠎ᠢ᠋ ᠰᠡᠢᠯᠦᠭᠰᠡᠨ
ᠬᠠᠯᠠᠭᠤᠨ ᠪᠦᠯᠢ ᠎ᠪᠠᠨ ᠮᠠᠨ ᠤ ᠬᠢ ᠭᠡᠳᠡᠭ
ᠪᠦᠯᠢ ᠨᠡᠮᠡᠨ ᠪᠦᠪᠡᠢ ᠳᠠᠭᠤᠯᠠᠭᠰᠠᠨ
ᠠᠵᠠ ᠵᠢᠷᠭᠠᠯᠲᠠᠢ ᠭᠡᠷ ᠪᠦᠯᠢ ᠡ
ᠪᠦᠭᠦᠳᠡ ᠨᠡᠢᠯᠡᠨ ᠠᠮᠢ ᠪᠤᠯᠤᠭᠰᠠᠨ
ᠦᠨᠡᠨ ᠵᠢᠷᠭᠠᠯᠲᠠᠢ ᠡᠷᠦᠬᠡ ᠭᠡᠷ ᠡ
ᠲᠤᠮᠤᠭ᠎ᠠ ᠦᠭᠡᠢ ᠦᠷᠡᠰ ᠎ᠤ᠋ᠨ ᠢᠶᠠᠨ ᠬᠠᠢᠷᠠᠨ ᠎ᠳ᠋ᠤ᠌ ᠨᠢᠯᠬᠠᠷᠠᠭᠰᠠᠨ
ᠲᠤᠭᠤᠨᠤᠲᠤ ᠭᠡᠷ ᠎ᠲᠤ᠌ ᠎ᠮᠢᠨᠢ ᠵᠢᠷᠭᠠᠯ ᠳᠦᠭᠦᠷᠡᠩ
ᠬᠦᠷ ᠪᠠᠶᠠᠷ ᠳᠠᠰᠤᠷᠠᠬᠤ ᠎ᠨᠢ ᠦᠭᠡᠢ
ᠬᠦᠯ ᠎ᠲᠠᠢ ᠠᠢᠯ  ᠢᠶᠠᠨ ᠮᠠᠨ ᠤ ᠭᠢ ᠭᠡᠳᠡᠭ
ᠪᠦᠯᠢ ᠨᠡᠮᠡᠨ ᠪᠦᠪᠡᠢ ᠳᠠᠭᠤᠯᠠᠭᠰᠠᠨ
ᠠᠵᠠ ᠵᠢᠷᠭᠠᠯᠲᠠᠢ ᠭᠡᠷ ᠪᠦᠯᠢ ᠡ
ᠪᠦᠭᠦᠳᠡ ᠨᠡᠢᠯᠡᠨ ᠠᠮᠢ ᠪᠤᠯᠤᠭᠰᠠᠨ
ᠦᠨᠡᠨ ᠵᠢᠷᠭᠠᠯᠲᠠᠢ ᠡᠷᠦᠬᠡ ᠭᠡᠷ ᠡ
ᠪᠦᠯᠢ ᠨᠡᠮᠡᠨ ᠪᠦᠪᠡᠢ ᠳᠠᠭᠤᠯᠠᠭᠰᠠᠨ
ᠠᠵᠠ ᠵᠢᠷᠭᠠᠯᠲᠠᠢ ᠭᠡᠷ ᠪᠦᠯᠢ ᠡ
ᠪᠦᠭᠦᠳᠡ ᠨᠡᠢᠯᠡᠨ ᠠᠮᠢ ᠪᠤᠯᠤᠭᠰᠠᠨ
ᠦᠨᠡᠨ ᠵᠢᠷᠭᠠᠯᠲᠠᠢ ᠡᠷᠦᠬᠡ ᠭᠡᠷ ᠡ 

   ᠥᠰᠥᠭ ᠠᠮᠢᠯᠠᠭᠤᠯᠤᠭᠴᠢ᠄ ᠣᠳᠬᠤᠨᠴᠡᠴᠡᠭ
   ᠦᠰᠦᠭ ᠬᠠᠳᠠᠭᠴᠢ᠄ ᠣᠳᠬᠤᠨᠴᠡᠴᠡᠭ