ᠳᠦᠭᠦᠷᠡᠩ ᠢᠲᠡᠭᠡᠯ- ᠯ ᠨᠠᠷᠠᠨᠭᠡᠷᠡᠯДүүрэн итгэл-л · нарангэрэл
ᠳᠦᠭᠦᠷᠡᠩ ᠢᠲᠡᠭᠡᠯ
ᠦᠭᠡ ᠄ ᠪ
· ᠪᠣᠯᠤᠷᠴᠡᠷᠡᠨ
ᠠᠶ᠎ᠠ ᠄
ᠱ · ᠥᠯᠵᠡᠶ᠋ᠢᠪᠠᠶᠠᠷ
ᠳᠠᠭᠤᠴᠢᠨ
᠄ ᠯ · ᠨᠠᠷᠠᠨᠭᠡᠷᠡᠯ
ᠰᠠᠨᠴᠢᠬ ᠢ ᠮᠢᠨᠢ ᠢᠯᠪᠢᠭᠡᠳ ᠳᠠᠩᠳᠠ ᠳᠡᠷᠡᠯᠡᠭᠦᠯᠳᠡᠭ
ᠭᠠᠷ ᠢᠶ᠋ᠠᠨ ᠨᠠᠳᠠ ᠳᠤ ᠪᠦᠷᠢ ᠥᠭᠭᠦᠭᠡᠷᠡᠢ
ᠰᠠᠨᠠᠭ᠎ᠠ ᠶ᠋ᠢ ᠲᠠᠨᠢ ᠠᠮᠠᠷᠠᠭᠠᠭᠠᠳ ᠵᠥᠩᠳᠡᠭᠡᠨ ᠰᠢᠪᠡᠨᠡᠳᠡᠭ
ᠦᠭᠡ ᠪᠡᠨ ᠴᠢᠮ᠎ᠠ ᠠ᠋ᠴᠠ ᠬᠡᠵᠢᠶ᠎ᠡ ᠴᠤ᠌ ᠪᠤᠴᠠᠭᠠᠬᠤ ᠦᠭᠡᠢ
ᠠᠩᠬᠠᠯᠠᠵᠤ ᠤᠴᠠᠷᠠᠭᠰᠠᠨ ᠲᠡᠷᠡ ᠯᠡ ᠬᠡᠪ ᠢᠶ᠋ᠡᠷ ᠢᠶ᠋ᠡᠨ
ᠬᠠᠶ᠋ᠢᠷᠠᠲᠠᠢ ᠯᠡ ᠪᠠᠶ᠋ᠢᠨ᠎ᠠ ᠳᠦᠭᠦᠷᠡᠩ ᠢᠲᠡᠭᠡᠯ ᠮᠢᠨᠢ
ᠠᠮᠢᠳᠤᠷᠠᠯ ᠳᠤ ᠲᠡᠮᠡᠦᠯᠦᠭᠰᠡᠨ ᠡᠨᠡ ᠯᠡ ᠶᠠᠩᠵᠤ ᠪᠠᠷ ᠢᠶ᠋ᠠᠨ
ᠬᠠᠮᠲᠤ ᠳᠤ ᠪᠠᠨ ᠯᠡ ᠪᠠᠶ᠋ᠢᠨ᠎ᠠ ᠰᠠᠶ᠋ᠢᠬᠠᠨ ᠰᠡᠳᠬᠢᠯᠲᠦ ᠮᠢᠨᠢ
ᠢᠲᠡᠭᠡᠯ ᠢ ᠮᠢᠨᠢ ᠣᠯᠠᠨ ᠳᠤ ᠳᠠᠩᠳᠠ ᠭᠡᠷᠡᠯᠲᠦᠳᠡᠭ
ᠢᠨᠢᠶᠡᠳᠦ ᠪᠡᠨ ᠨᠠᠳᠠ ᠳᠤ ᠪᠦᠷᠢ ᠥᠭᠭᠦᠭᠡᠷᠡᠢ
ᠡᠯᠢᠭᠡ ᠶ᠋ᠢ ᠲᠠᠨᠢ ᠠᠮᠢᠰᠤᠭᠤᠯᠠᠭᠠᠳ ᠵᠥᠩᠳᠡᠭᠡᠨ ᠲᠡᠪᠡᠷᠢᠳᠡᠭ
ᠡᠩᠬᠦᠷᠡᠢ ᠴᠢᠮ᠎ᠠ ᠠ᠋ᠴᠠ ᠬᠡᠵᠢᠶ᠎ᠡ ᠴᠤ᠌ ᠪᠤᠷᠤᠭᠤᠯᠠᠬᠤ ᠦᠭᠡᠢ
ᠳᠠᠬᠢᠯᠲᠠ
ᠦᠰᠦ ᠶ᠋ᠢ ᠮᠢᠨᠢ ᠢᠯᠪᠢᠭᠡᠳ ᠳᠠᠩᠳᠠ ᠰᠢᠷᠲᠡᠳᠡᠭ
ᠬᠠᠷᠠᠴᠠ ᠪᠠᠨ ᠨᠠᠳᠠ ᠳᠤ ᠪᠦᠷᠢ ᠥᠭᠭᠦᠭᠡᠷᠡᠢ
ᠦᠨᠡᠨᠴᠢ ᠶ᠋ᠢ ᠲᠠᠨᠢ ᠮᠡᠳᠡᠷᠡᠭᠡᠳ ᠳᠦᠭᠦᠷᠡᠩ ᠴᠠᠯᠭᠢᠳᠠᠭ
ᠬᠠᠯᠠᠮᠵᠢ ᠪᠠᠨ ᠴᠢᠮ᠎ᠠ ᠠ᠋ᠴᠠ ᠪᠠᠨ ᠬᠡᠵᠢᠶ᠎ᠡ ᠴᠤ᠌ ᠳᠤᠮᠳᠠᠯᠠᠬᠤ ᠦᠭᠡᠢ
ᠳᠠᠬᠢᠯᠲᠠ ᠳᠠᠬᠢᠯᠲᠠ
