ᠬᠠᠢᠷ᠎ᠠ  ᠶᠢ ᠪᠤᠤ ᠳᠤᠲᠠᠭ᠎ᠠ- ᠪ · ᠪᠠᠶᠠᠨᠳᠠᠯᠠᠢХайрыг буу дутаа-б · баяндалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ  ᠶᠢ ᠪᠤᠤ ᠳᠤᠲᠠᠭ᠎ᠠ- ᠪ · ᠪᠠᠶᠠᠨᠳᠠᠯᠠᠢХайрыг буу дутаа-б · баяндалай

ᠬᠠᠢᠷ᠎ᠠ  ᠶᠢ ᠪᠤᠤ ᠳᠤᠲᠠᠭ᠎ᠠ- ᠪ · ᠪᠠᠶᠠᠨᠳᠠᠯᠠᠢХайрыг буу дутаа-б · баяндалай

ᠠᠩᠭᠢᠯᠠᠯ:ᠳᠠᠭᠤᠤ ᠬᠥᠭᠵᠢᠮ
2023-02-14

226

ᠬᠠᠢᠷ᠎ᠠ  ᠶᠢ ᠪᠤᠤ ᠳᠤᠲᠠᠭ᠎ᠠ

    ᠰᠢᠯᠦᠭ ᠄ ᠪ · ᠪᠣᠯᠤᠷᠴᠡᠷᠡᠨ
    ᠠᠶ᠎ᠠ ᠄ ᠰ · ᠪᠠᠲᠤᠰᠦ᠋ᠬᠡ

    — · ᠪᠠᠶᠠᠨᠳᠠᠯᠠᠢ ᠳᠠᠭᠤᠯᠠᠨ᠎ᠠ

ᠪᠠᠶᠠᠷᠯᠠᠯ᠎ᠠ ᠭᠡᠳᠡᠭ ᠰᠠᠶ᠋ᠢᠬᠠᠨ ᠦᠭᠡ ᠴᠥᠭᠡᠳᠡᠬᠦ ᠎ᠪᠡᠷ ‍ᠢᠶ᠋ᠡᠨ
ᠪᠠᠶᠠᠷ ᠬᠥᠷ ‍ᠢᠶ᠋ᠠᠨ ᠪᠢᠳᠡᠨ ᠎ᠡᠴᠡ ᠪᠤᠴᠠᠭᠠᠭᠰᠠᠭᠠᠷ ᠪᠠᠶ᠋ᠢᠳᠠᠭ
ᠪᠠᠶ᠋ᠢᠬᠤ ᠦᠭᠡᠢ ‍ᠶ᠋ᠢ ᠲᠤᠭᠤᠯᠭᠠᠨ ᠬᠣᠷᠸ᠋᠎ᠠ ᠴᠤ᠌ ᠪᠠᠰᠠ ᠬᠤᠭᠤᠰᠷᠠᠳᠠᠭ
ᠪᠠᠶᠠᠷᠯᠠᠯ᠎ᠠ ᠭᠡᠵᠦ ᠪᠠᠶ᠋ᠢᠭ᠎ᠠ ᠪᠠᠶ᠋ᠢᠭ᠎ᠠ ᠳᠡᠭᠡᠷ᠎ᠡ ᠨᠢ ᠬᠡᠯᠡᠭᠡᠷᠡᠢ

ᠠᠯᠳᠠᠭ᠎ᠠ ᠦᠭᠡᠢ ᠬᠡᠨ ᠪᠠᠶ᠋ᠢᠬᠤ ᠪᠢᠯᠡ ᠂ ᠣᠶ᠋ᠢᠯᠠᠭ᠎ᠠ
ᠠᠮᠵᠢᠵᠤ ᠤᠬᠠᠭᠠᠷᠠ ᠂ ᠬᠥᠮᠦᠨ ᠬᠥᠮᠦᠨ ‍ᠢᠶ᠋ᠡᠨ ᠳᠡᠭᠡᠳᠦᠯᠡ
ᠠᠮᠢᠳᠤᠷᠠᠭᠠᠳ ᠯᠡ ᠪᠤᠴᠠᠨ᠎ᠠ ᠂ ᠬᠠᠲᠠᠭᠤᠷᠬᠠᠵᠤ ᠪᠤᠤ ᠳᠤᠲᠠᠭ᠎ᠠ
ᠠᠳᠠᠯᠢᠬᠠᠨ ᠯᠡ ᠪᠤᠴᠠᠨ᠎ᠠ ᠂ ᠬᠠᠶ᠋ᠢᠷ᠎ᠠ ‍ᠶ᠋ᠢ ᠪᠤᠤ ᠳᠤᠲᠠᠭ᠎ᠠ

ᠬᠠᠶ᠋ᠢᠷᠠᠲᠠᠢ ᠭᠡᠳᠡᠭ ᠭᠠᠭᠴᠠᠬᠠᠨ ᠦᠭᠡ ᠬᠣᠵᠢᠮᠳᠠᠬᠤ ᠎ᠪᠠᠷ ‍ᠢᠶ᠋ᠠᠨ
ᠬᠠᠳᠠ ᠴᠢᠯᠠᠭᠤ ᠪᠣᠯᠤᠭᠠᠳ ᠴᠡᠭᠡᠵᠢᠨ ‍ᠳᠦ ᠦᠯᠡᠳᠡᠳᠡᠭ
ᠬᠠᠯᠭᠠᠵᠤ ᠮᠠᠨᠳᠤᠬᠤ ᠨᠠᠷᠠᠨ ᠴᠤ᠌ ᠪᠠᠰᠠ ᠪᠡᠭᠡᠷᠡᠳᠡᠭ
ᠬᠠᠶ᠋ᠢᠷᠠᠲᠠᠢ ᠭᠡᠵᠦ ᠬᠠᠮᠲᠤ ᠪᠠᠶ᠋ᠢᠬᠤ ‍ᠳᠤ ᠎ᠪᠠᠨ ᠬᠡᠯᠡᠭᠡᠷᠡᠢ
ᠳᠠᠬᠢᠯᠲᠠ
ᠠᠭᠤᠴᠢᠯᠠᠭᠠᠷᠠᠢ ᠭᠡᠳᠡᠭ ᠭᠠᠭᠴᠠᠬᠠᠨ ᠦᠭᠡ ᠣᠷᠣᠶ᠋ᠢᠲᠠᠬᠤ ᠎ᠪᠠᠷ ‍ᠢᠶ᠋ᠠᠨ
ᠤᠰᠤ ᠮᠥᠷᠡᠨ ᠪᠣᠯᠤᠭᠠᠳ ᠬᠠᠷᠠᠴᠠᠨ ‍ᠳᠤ ᠲᠣᠭᠲᠠᠳᠠᠭ
ᠤᠷᠤᠭᠤ ᠲᠠᠲᠠᠭᠠᠳ ᠲᠩᠷᠢ ᠴᠦ᠍ ᠪᠠᠰᠠ ᠪᠦᠦᠳᠡᠶ᠋ᠢᠳᠡᠭ
ᠠᠭᠤᠴᠢᠯᠠᠭᠠᠷᠠᠢ ᠭᠡᠵᠦ ᠤᠳᠠᠭᠠᠯ ᠦᠭᠡᠢ ᠬᠡᠯᠡᠭᠡᠷᠡᠢ
ᠳᠠᠬᠢᠯᠲᠠ   ᠳᠠᠬᠢᠯᠲᠠ   ᠬᠠᠶ᠋ᠢᠷ᠎ᠠ ‍ᠶ᠋ᠢ ᠪᠤᠤ ᠳᠤᠲᠠᠭ᠎ᠠ ᠁