ᠪᠢᠳᠡ ᠡᠦᠲᠦ ᠶᠠᠭᠤ ᠪᠠᠷ ᠳᠤᠲᠠᠭᠤ ᠪᠠᠢᠨ᠎ᠠБид од юугээр дутуу байна
ᠪᠢᠳᠡ ᠣᠳᠣ
ᠶᠠᠭᠤ ᠪᠠᠷ ᠳᠤᠲᠠᠭᠤ ᠪᠠᠢᠨ᠎ᠠ
ᠠᠯᠳᠠᠬᠤ ᠶᠢ
ᠴᠢᠨᠢ ᠦᠵᠡᠭᠡᠳ ᠬᠡᠯᠡᠬᠦ ᠬᠥᠮᠦᠨ ᠢᠶᠠᠷ ᠳᠤᠲᠠᠭᠤ
ᠤᠨᠠᠬᠤ ᠶᠢ
ᠴᠢᠨᠢ ᠦᠵᠡᠭᠡᠳ ᠲᠦᠰᠢᠬᠦ ᠬᠥᠮᠦᠨ ᠢᠶᠠᠷ ᠳᠤᠲᠠᠭᠤ
ᠤᠨᠲᠠᠬᠤ ᠶᠢ
ᠴᠢᠨᠢ ᠦᠵᠡᠭᠡᠳ ᠳᠠᠭᠤᠳᠠᠬᠤ ᠬᠥᠮᠦᠨ ᠢᠶᠠᠷ ᠳᠤᠲᠠᠭᠤ
ᠦᠭᠡᠢᠷᠡᠬᠦ ᠶᠢ
ᠴᠢᠨᠢ ᠦᠵᠡᠭᠡᠳ ᠲᠣᠰᠣᠯᠠᠬᠤ ᠬᠥᠮᠦᠨ ᠢᠶᠠᠷ ᠳᠤᠲᠠᠭᠤ
ᠠᠢᠯ
ᠠᠢᠮᠠᠭ ᠬᠣᠭᠣᠷᠣᠨᠳᠤ ᠪᠠᠨ ᠪᠦᠯᠬᠦᠮᠳᠡᠯ ᠢᠶᠠᠷ ᠳᠤᠲᠠᠭᠤ
ᠠᠬ᠎ᠠ
ᠳᠡᠭᠦᠦ ᠬᠣᠭᠣᠷᠣᠨᠳᠣ ᠪᠠᠨ ᠡᠪ ᠢᠶᠠᠷ ᠳᠤᠲᠠᠭᠤ
ᠠᠷᠠᠳ
ᠢᠷᠭᠡᠳ ᠬᠣᠭᠣᠷᠣᠨᠳᠣ ᠪᠠᠨ ᠢᠲᠡᠭᠡᠯ ᠢᠶᠠᠷ ᠳᠤᠲᠠᠭᠤ
ᠠᠨᠳᠠ
ᠨᠥᠬᠥᠳ ᠬᠣᠭᠣᠷᠣᠨᠳᠣ ᠪᠠᠨ ᠵᠢᠷᠤᠮ ᠢᠶᠠᠷ ᠳᠤᠲᠠᠭᠤ
ᠠᠯᠢᠮ᠎ᠠ
ᠠᠯᠮᠤᠷᠠᠳ ᠭᠡᠵᠦ ᠮᠣᠩᠭᠣᠯ ᠢᠶᠠᠷ ᠬᠡᠯᠡᠳᠡᠭ ᠬᠥᠮᠦᠨ ᠳᠤᠲᠠᠭᠤ
ᠠᠴᠢ
ᠵᠢᠭᠡ ᠭᠡᠵᠦ ᠮᠣᠩᠭᠣᠯ ᠢᠶᠠᠷ ᠬᠡᠯᠡᠳᠡᠭ ᠠᠬᠠᠮᠠᠳ ᠳᠤᠲᠠᠭᠤ
ᠠᠪᠡᠢ ᠮᠥᠮᠥ
ᠭᠡᠵᠦ ᠮᠣᠩᠭᠣᠯ ᠢᠶᠠᠷ ᠳᠠᠭᠤᠳᠠᠳᠠᠭ ᠬᠡᠦᠬᠡᠳ ᠳᠤᠲᠠᠭᠤ
ᠠᠪᠤ
ᠡᠵᠢ ᠭᠡᠵᠦ ᠮᠣᠩᠭᠣᠯ ᠢᠶᠠᠷ ᠳᠠᠭᠤᠳᠠᠳᠠᠭ ᠣᠮᠪᠣᠯᠣ ᠳᠤᠲᠠᠭᠤ
ᠠᠷᠢᠭᠤᠨ
ᠬᠥᠯᠥᠰᠥ ᠪᠠᠨ ᠤᠷᠤᠰᠬᠠᠵᠤ ᠬᠥᠳᠡᠯᠮᠦᠷᠢᠯᠡᠳᠡᠭ ᠡᠷ᠎ᠡ ᠳᠤᠲᠠᠭᠤ
ᠠᠷᠪᠠᠨ
ᠬᠤᠷᠤᠭᠤ ᠪᠠᠨ ᠴᠢᠯᠡᠭᠡᠵᠦ ᠦᠢᠯᠡ ᠣᠶᠣᠳᠠᠭ ᠡᠮ᠎ᠡ ᠳᠤᠲᠠᠭᠤ
ᠠᠷᠤ
ᠬᠡᠷ ᠢᠶᠠᠨ ᠭᠡᠵᠦ ᠭᠦᠶᠦᠳᠡᠭ ᠬᠦᠷᠭᠡᠨ ᠳᠤᠲᠠᠭᠤ
ᠠᠪᠤ
ᠡᠵᠢ ᠭᠡᠵᠦ ᠬᠦᠨᠳᠦᠯᠡᠳᠡᠭ ᠪᠡᠷᠢ ᠳᠤᠲᠠᠭᠤ᠌ ᠁
ᠦᠨᠡᠨ ᠢ
ᠥᠭᠦᠯᠡᠭᠰᠡᠨ ᠡᠨᠡ ᠰᠢᠯᠦᠭ ᠵᠢᠷᠭᠢᠭᠡ ᠪᠠᠷ ᠶᠠᠪᠤᠵᠤ ᠪᠠᠢᠨ᠎ᠠ
ᠥᠴᠦᠬᠡᠨ
ᠪᠢ ᠶᠣᠰᠣᠲᠠᠢ ᠭᠡᠳ ᠠᠲᠠ ᠰᠢᠯᠵᠢᠭᠦᠯᠵᠦ ᠪᠠᠢᠨ᠎ᠠ
ᠣᠭ ᠢ
ᠨᠢ ᠳ᠋ᠦᠩᠨᠡᠪᠡᠯ ᠮᠣᠩᠭᠣᠯ ᠮᠢᠨᠢ ᠪᠦᠯᠬᠦᠮᠳᠡᠯ ᠢᠶᠠᠷ ᠳᠤᠲᠠᠭᠤ ᠪᠠᠢᠨ᠎ᠠ
ᠡᠦᠲᠦ ᠠᠴᠠ
ᠡᠬᠢᠯᠡᠨ ᠰᠡᠷᠢᠭᠡᠴᠢ ᠭᠡᠴᠦ ᠤᠷᠢᠶᠠᠯᠠᠵᠤ ᠪᠠᠢᠨ᠎ᠠ !
