ᠮᠢᠨᠦ ᠨᠤᠲᠤᠭ -ᠨᠠᠴᠢᠨᠱᠣᠩᠬᠣᠷМиний нутаг-начиншнхор
ᠮᠢᠨᠦ ᠨᠤᠲᠤᠭ
ᠦᠭᠡ ᠄ ᠰ ᠴᠡᠩᠭᠡᠯᠲᠦ
ᠠᠶ᠎ᠠ᠄
ᠰᠢ ᠪᠠᠲᠤᠰᠠᠢᠬᠠᠨ
ᠳᠠᠭᠤᠴᠢᠨ᠄ ᠨᠠᠴᠢᠨᠱᠣᠩᠬᠣᠷ
ᠮᠥᠩᠬᠡ ᠲᠩᠷᠢ ᠶᠢᠨ
ᠳᠠᠯᠠᠯᠭ᠎ᠠ ᠬᠤᠷᠤᠢᠯᠠᠭᠰᠠᠨ
ᠮᠥᠩᠭᠥᠨ ᠰᠠᠷᠢᠳᠠᠭ ᠨᠢ ᠴᠠᠢᠯᠵᠠᠭᠠᠳ
ᠪᠠᠢᠨ᠎ᠠ ᠤᠤ
ᠴᠠᠢᠳᠠᠮ ᠪᠦᠷᠢᠳᠦ ᠨᠢ ᠴᠡᠩᠬᠡᠷᠲᠦᠨ
ᠤᠨᠢᠶᠠᠷᠲᠤᠭᠠᠳ
ᠴᠡᠴᠡᠭᠡᠰ ᠤᠨ ᠦᠨᠦᠷ ᠲᠡᠢ ᠮᠢᠨᠦ ᠨᠤᠲᠤᠭ
ᠠ᠋
ᠡᠵᠡᠨ ᠲᠡᠢ ᠪᠣᠯᠬᠣᠷ ᠨᠤᠲᠤᠭ ᠮᠢᠨᠢ
ᠠᠮᠤᠭᠤᠯᠠᠩ
ᠨᠤᠲᠤᠭ ᠲᠠᠢ ᠪᠣᠯᠬᠣᠷ ᠡᠵᠡᠨ ᠪᠢᠳᠡᠨ ᠤ ᠵᠢᠷᠭᠠᠯᠠᠩ
ᠨᠠᠷᠠ ᠬᠤᠷ᠎ᠠ ᠶᠢᠨ ᠬᠡᠰᠢᠭ ᠢᠪᠡᠭᠡᠭᠰᠡᠨ
ᠨᠠᠭᠤᠷ ᠭᠣᠣᠯ ᠨᠢ ᠮᠡᠯᠲᠡᠭᠡᠨᠡᠭᠡᠳ
ᠪᠠᠢᠨ᠎ᠠ ᠤᠤ
ᠨᠣᠮᠢᠨ ᠲᠠᠯ᠎ᠠ ᠨᠢ ᠬᠠᠶᠠᠭ᠎ᠠ ᠪᠠᠨ
ᠲᠡᠯᠡᠭᠰᠡᠨ
ᠨᠡᠭᠦᠳᠡᠯ ᠤᠨ ᠴᠥᠷᠬᠡᠯᠡᠭᠡ ᠲᠡᠢ ᠮᠢᠨᠦ ᠨᠤᠲᠤᠭ ᠠ᠋
ᠡᠵᠡᠨ ᠲᠡᠢ ᠪᠣᠯᠬᠣᠷ ᠨᠤᠲᠤᠭ ᠮᠢᠨᠢ ᠠᠮᠤᠭᠤᠯᠠᠩ
ᠨᠤᠲᠤᠭ ᠲᠠᠢ ᠪᠣᠯᠬᠣᠷ ᠡᠵᠡᠨ ᠪᠢᠳᠡᠨ ᠤ ᠵᠢᠷᠭᠠᠯᠠᠩ
ᠠᠯᠤᠰ ᠬᠣᠯᠠ ᠶᠢᠨ ᠵᠡᠷᠭᠡᠯᠭᠡᠨ ᠮᠢᠷᠠᠯᠵᠠᠭᠰᠠᠨ
ᠠᠢᠯ ᠬᠣᠲᠠ ᠨᠢ ᠨᠠᠯᠠᠢᠭᠠᠳ ᠪᠠᠢᠨ᠎ᠠ ᠤᠤ
ᠠᠮᠤᠭᠤᠯᠠᠩ ᠵᠢᠷᠭᠠᠯᠠᠩ ᠬᠣᠣᠰᠯᠠᠨ
ᠵᠠᠶᠠᠭᠠᠭᠰᠠᠨ
ᠠᠳᠤᠭᠤᠳ ᠤ ᠦᠦᠷᠰᠡᠭᠡ ᠲᠡᠢ ᠮᠢᠨᠦ ᠨᠤᠲᠤᠭ
ᠡᠵᠡᠨ ᠲᠡᠢ ᠪᠣᠯᠬᠣᠷ ᠨᠤᠲᠤᠭ ᠮᠢᠨᠢ
ᠠᠮᠤᠭᠤᠯᠠᠩ
ᠨᠤᠲᠤᠭ ᠲᠠᠢ ᠪᠣᠯᠬᠣᠷ ᠡᠵᠡᠨ ᠪᠢᠳᠡᠨ ᠤ ᠵᠢᠷᠭᠠᠯᠠᠩ
ᠨᠤᠲᠤᠭ ᠲᠠᠢ ᠪᠣᠯᠬᠣᠷ ᠡᠵᠡᠨ ᠪᠢᠳᠡᠨ ᠤ ᠵᠢᠷᠭᠠᠯᠠᠩ
