ᠡᠵᠢ ᠶᠢᠨ ᠲᠤᠬᠠᠢ ᠳᠠᠭᠤᠤЭэжийн тухай дуу-kiwi ᠬᠠᠮᠲᠤᠯᠢᠭ
ᠡᠵᠢ ᠶ᠋ᠢᠨ ᠲᠤᠬᠠᠢ ᠳᠠᠭᠤᠤ
ᠡᠵᠢ ᠶ᠋ᠢᠨ ᠲᠤᠬᠠᠢ ᠳᠠᠭᠤᠤ
kiwi ᠬᠠᠮᠲᠤᠯᠢᠬ
ᠠᠯᠠᠭᠠᠨ ᠳᠡᠭᠡᠷ᠎ᠡ ᠪᠡᠨ ᠪᠥᠮᠪᠥᠷᠢᠭᠦᠯᠦᠭᠰᠡᠨ
ᠠᠶ᠋ᠢᠯ ᠤᠨ ᠬᠣᠭᠣᠷᠣᠨᠳᠣ ᠡᠭᠦᠷᠦᠭᠰᠡᠨ
ᠠᠵᠠᠢ ᠪᠤᠭᠤᠷᠤᠯ ᠡᠵᠢ ᠶ᠋ᠢᠨ ᠢᠶ᠋ᠡᠨ
ᠠᠴᠢ ᠶ᠋ᠢ ᠶᠠᠭᠠᠬᠢᠵᠤ ᠬᠠᠷᠢᠭᠤᠯᠤᠨ᠎ᠠ ᠳ᠋ᠠ
ᠡᠩᠭᠡᠷ ᠦᠨ ᠭᠠᠭᠴᠠᠬᠠᠨ ᠢᠷᠭᠤᠢ ᠰᠢᠬ
ᠡᠮᠵᠡᠭ ᠵᠠᠯᠠᠭᠤ ᠨᠠᠰᠤᠨ ᠳ᠋ᠠᠭᠠᠨ
ᠦᠳᠡᠯᠡᠨᠡ ᠭᠡᠳᠡᠭ ᠢ ᠮᠡᠳᠡᠭᠰᠡᠨ ᠦᠭᠡᠢ
ᠥᠷᠦᠪᠳᠦᠵᠦ ᠶᠠᠪᠤᠯ᠎ᠠ ᠡᠵᠢ ᠶ᠋ᠢ ᠪᠡᠨ
ᠦᠳᠡᠯᠡᠨᠡ ᠭᠡᠳᠡᠭ ᠢ ᠮᠡᠳᠡᠭᠰᠡᠨ ᠦᠭᠡᠢ
ᠥᠷᠦᠪᠳᠦᠵᠦ ᠶᠠᠪᠤᠯ᠎ᠠ ᠡᠵᠢ ᠶ᠋ᠢ ᠪᠡᠨ
ᠮᠥᠩᠬᠡ ᠶ᠋ᠢᠨ ᠤᠰᠤ ᠨᠢ ᠪᠠᠶ᠋ᠢᠳᠠᠭ ᠪᠣᠯ
ᠬᠠᠮᠢᠭ᠎ᠠ ᠠ᠋ᠴᠠ ᠴᠤ᠌ ᠭᠡᠰᠡᠨ ᠣᠯᠬᠤ ᠶᠤᠮ ᠰᠠᠨ
ᠮᠢᠨᠦ ᠡᠵᠢ ᠨᠠᠰᠤᠲᠠᠢ ᠬᠥᠮᠦᠨ
ᠬᠠᠶ᠋ᠢᠷᠠᠲᠠᠢ ᠡᠵᠢ ᠳᠦ ᠪᠡᠨ ᠥᠭᠬᠦ ᠶᠤᠮ ᠰᠠᠨ
ᠡᠪᠡᠰᠦᠨ ᠦ ᠲᠣᠯᠣᠭᠠᠢ ᠴᠠᠶ᠋ᠢᠷᠠᠭᠠᠳ ᠪᠠᠶ᠋ᠢᠨ᠎ᠠ
ᠡᠪᠦᠯ ᠪᠣᠯᠬᠤ ᠰᠢᠨᠵᠢ ᠤᠤ ᠳ᠋ᠠ
ᠥᠪᠡᠷ ᠢᠶ᠋ᠡᠨ ᠴᠤ᠌ ᠮᠡᠳᠡᠯ ᠦᠭᠡᠢ ᠳᠠᠭᠤᠯᠠᠬᠤ ᠶᠤᠮ
ᠡᠵᠢ ᠶ᠋ᠢ ᠪᠡᠨ ᠰᠠᠨᠠᠭᠰᠠᠨ ᠤ ᠰᠢᠨᠵᠢ ᠤᠤ ᠳ᠋ᠠ
ᠥᠪᠡᠷ ᠢᠶ᠋ᠡᠨ ᠴᠤ᠌ ᠮᠡᠳᠡᠯ ᠦᠭᠡᠢ ᠳᠠᠭᠤᠯᠠᠬᠤ ᠶᠤᠮ
ᠡᠵᠢ ᠶ᠋ᠢ ᠪᠡᠨ ᠰᠠᠨᠠᠭᠰᠠᠨ ᠤ ᠰᠢᠨᠵᠢ ᠤᠤ ᠳ᠋ᠠ
