ᠬᠡᠮᠨᠡᠨ ᠪᠠᠷᠢᠬᠤ ᠳᠠᠭᠤᠤГэмнэн барих дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠮᠨᠡᠨ ᠪᠠᠷᠢᠬᠤ ᠳᠠᠭᠤᠤГэмнэн барих дуу

ᠬᠡᠮᠨᠡᠨ ᠪᠠᠷᠢᠬᠤ ᠳᠠᠭᠤᠤГэмнэн барих дуу

ᠠᠩᠭᠢᠯᠠᠯ:ᠳᠠᠭᠤᠤ ᠬᠥᠭᠵᠢᠮ
2023-02-12

283

ᠬᠡᠮᠨᠡᠨ ᠪᠠᠷᠢᠬᠤ ᠳᠠᠭᠤᠤ

    ᠦᠭᠡ ᠄ ᠵ · ᠲᠤᠭᠠᠢ
    ᠠᠶ᠎ᠠ ᠄ ᠪᠦᠷᠢᠨᠪᠠᠶᠠᠷ
    ᠰᠦᠨᠳᠠᠯᠠᠢ ᠂ ᠳᠦᠭᠦᠷᠡᠩᠵᠢᠷᠭᠠᠯ ᠂ ᠪᠣᠶᠠᠨ᠎ᠠ ᠂ ᠬᠠᠶ᠋ᠢᠷ᠎ᠠ ᠨᠠᠷ ᠳᠠᠭᠤᠯᠠᠨ᠎ᠠ
ᠲᠠᠷᠭᠤᠨ ᠰᠦᠷᠦᠭ ‍ᠦᠨ ᠪᠠᠶᠠᠯᠢᠬ ᠎ᠲᠠᠢ
ᠲᠣᠷᠭᠠᠨ ᠪᠡᠯᠴᠢᠭᠡᠷ ‍ᠦᠨ ᠰᠢᠮ᠎ᠡ ᠶᠤᠮ ᠠ᠋ ᠬᠦ᠋
ᠲᠠᠷᠠᠭ ᠠᠶ᠋ᠢᠷᠠᠭ ‍ᠤᠨ ᠬᠥᠷᠥᠩᠭᠡ ᠎ᠲᠡᠢ
ᠲᠣᠰᠣᠯᠢᠬ ᠢᠳᠡᠭᠡᠨ ‍ᠦ ᠳᠡᠭᠡᠵᠢ ᠶᠤᠮ ᠠ᠋ ᠬᠦ᠋
ᠲᠠᠷᠠᠭ ᠠᠶ᠋ᠢᠷᠠᠭ ‍ᠤᠨ ᠬᠥᠷᠥᠩᠭᠡ ᠎ᠲᠡᠢ
ᠲᠣᠰᠣᠯᠢᠬ ᠢᠳᠡᠭᠡᠨ ‍ᠦ ᠳᠡᠭᠡᠵᠢ ᠶᠤᠮ ᠠ᠋ ᠬᠦ᠋

ᠰᠢᠯ ᠦ᠋ᠨ ᠴᠣᠮᠣ ‍ᠳᠤ ᠎ᠪᠠᠨ ᠮᠡᠯᠲᠡᠭᠡᠨᠡᠭᠦᠯᠦᠭᠰᠡᠨ
ᠰᠠᠭᠠᠯᠢ ‍ᠶ᠋ᠢᠨ ᠳᠡᠭᠡᠳᠦ ᠢᠲᠡᠭᠡᠨ ᠶᠤᠮ ᠠ᠋ ᠬᠦ᠋
ᠰᠡᠷᠭᠦᠭᠡᠨ ᠬᠡᠮᠨᠡᠨ ᠪᠠᠷᠢᠬᠰᠠᠨ ‍ᠢ ᠮᠢᠨᠢ
ᠰᠠᠨᠠᠭ᠎ᠠ ᠳᠦᠭᠦᠷᠡᠩ ᠲᠣᠭᠲᠠᠭᠠᠭᠠᠷᠠᠢ ᠬᠦ᠋
ᠰᠡᠷᠭᠦᠭᠡᠨ ᠬᠡᠮᠨᠡᠨ ᠪᠠᠷᠢᠬᠰᠠᠨ ‍ᠢ ᠮᠢᠨᠢ
ᠰᠠᠨᠠᠭ᠎ᠠ ᠳᠦᠭᠦᠷᠡᠩ ᠲᠣᠭᠲᠠᠭᠠᠭᠠᠷᠠᠢ ᠬᠦ᠋

ᠲᠠᠯ᠎ᠠ ‍ᠶ᠋ᠢᠨ ᠬᠥᠷᠥᠰᠥᠨ ‍ᠳᠦ ᠦᠨᠳᠦᠰᠦ ᠎ᠲᠡᠢ
ᠲᠠᠪᠤᠨ ᠲᠠᠷᠢᠶᠠᠨ ‍ᠤ ᠦᠷ᠎ᠡ ᠶᠤᠮ ᠠ᠋ ᠬᠦ᠋
ᠲᠠᠪᠢᠯᠠᠩ ᠢᠷᠦᠭᠡᠯ ‍ᠦᠨ ᠬᠣᠯᠪᠣᠭ᠎ᠠ ᠎ᠲᠠᠢ
ᠲᠠᠨᠢᠯ ᠳᠠᠰᠤᠯ ‍ᠤᠨ ᠰᠡᠳᠬᠢᠯ ᠶᠤᠮ ᠠ᠋ ᠬᠦ᠋
ᠲᠠᠪᠢᠯᠠᠩ ᠢᠷᠦᠭᠡᠯ ‍ᠦᠨ ᠬᠣᠯᠪᠣᠭ᠎ᠠ ᠎ᠲᠠᠢ
ᠲᠠᠨᠢᠯ ᠳᠠᠰᠤᠯ ‍ᠤᠨ ᠰᠡᠳᠬᠢᠯ ᠶᠤᠮ ᠠ᠋ ᠬᠦ᠋

ᠪᠣᠯᠣᠷ ᠬᠤᠨᠳᠠᠭᠠᠨ ‍ᠳᠤ ᠎ᠪᠠᠨ ᠰᠥᠩᠨᠡᠭᠰᠡᠨ
ᠪᠤᠭᠤᠷᠤᠯ ᠨᠠᠰᠤᠲᠠᠨ ‍ᠤ ᠮᠢᠨᠢ ᠬᠡᠰᠢᠭ ᠶᠤᠮ ᠠ᠋ ᠬᠦ᠋
ᠪᠤᠴᠠᠭᠠᠨ ᠬᠡᠮᠨᠡᠨ ᠪᠠᠷᠢᠬᠰᠠᠨ ‍ᠢ ᠮᠢᠨᠢ
ᠪᠤᠶᠠᠨ ᠳᠦᠭᠦᠷᠡᠩ ᠲᠣᠭᠲᠠᠭᠠᠭᠠᠷᠠᠢ ᠬᠦ᠋
ᠪᠤᠴᠠᠭᠠᠨ ᠬᠡᠮᠨᠡᠨ ᠪᠠᠷᠢᠬᠰᠠᠨ ‍ᠢ ᠮᠢᠨᠢ
ᠪᠤᠶᠠᠨ ᠳᠦᠭᠦᠷᠡᠩ ᠲᠣᠭᠲᠠᠭᠠᠭᠠᠷᠠᠢ ᠬᠦ᠋
ᠪᠤᠶᠠᠨ ᠳᠦᠭᠦᠷᠡᠩ ᠲᠣᠭᠲᠠᠭᠠᠭᠠᠷᠠᠢ ᠬᠦ᠋