ᠾᠦᠩᠨᠦ᠍ ᠶᠢᠨ ᠭᠤᠨᠢᠭ ᠤᠨ ᠳᠠᠭᠤᠤ Altai band_ Хүннүгийн гунигийн дуу (A Sad song for the Huns) -music by Ganpurev
ᠾᠦᠩᠨᠦ᠍ ᠶᠢᠨ ᠭᠤᠨᠢᠭ ᠤᠨ ᠳᠠᠭᠤᠤ
ᠦᠭᠡ ᠄ ᠭ᠌ ᠂
ᠰᠦᠬᠡᠪᠠᠭᠠᠲᠤᠷ ᠤᠨ ᠰᠤᠳᠤᠯᠭᠠᠨ ᠡᠴᠡ
ᠬᠥᠭᠵᠢᠮ ᠄ ᠳ · ᠭᠠᠩᠨᠦ᠋ᠷᠥᠪ
ᠴᠠᠰᠤᠲᠤ ᠴᠠᠭᠠᠨ ᠠᠭᠤᠯᠠ ᠪᠠᠨ ᠡᠷᠭᠢᠭᠡᠳ
ᠵᠢᠷᠭᠤᠭᠠᠨ ᠬᠣᠰᠢᠭᠤ ᠮᠠᠯ ᠮᠢᠨᠢ
ᠵᠢᠯ ᠦ᠋ᠨ ᠭᠠᠵᠠᠷ ᠶ᠋ᠢᠠᠨ ᠦᠵᠡᠬᠦ ᠪᠡᠨ ᠪᠣᠯᠢᠯ᠎ᠠ
ᠲᠡᠭᠷᠢ ᠠᠭᠤᠯᠠ ᠶ᠋ᠢᠨ ᠪᠠᠷ᠎ᠠ ᠨᠢ
ᠲᠡᠷᠲᠡᠭᠡ ᠠᠯᠤᠰ ᠲᠦ᠍ ᠰᠦᠨᠲᠡᠷᠯᠡᠨ ᠬᠣᠴᠣᠷᠤᠯ᠎ᠠ
ᠲᠡᠷᠲᠡᠭᠡ ᠠᠯᠤᠰ ᠲᠦ᠍ ᠰᠦᠨᠲᠡᠷᠯᠡᠨ ᠬᠣᠯᠠᠲᠠᠯᠠ
ᠢᠷᠭᠤᠢ ᠶᠠᠭᠠᠨ ᠠᠭᠤᠯᠠ ᠪᠠᠨ ᠠᠯᠳᠠᠭᠠᠳ
ᠢᠨᠠᠭ ᠬᠣᠩᠭᠣᠷ ᠬᠡᠦᠬᠡᠨ ᠨᠤᠭᠦᠳ ᠮᠢᠨᠢ
ᠬᠠᠴᠠᠷ ᠶ᠋ᠢᠠᠨ ᠭᠣᠶᠣᠬᠤ ᠡᠩᠭᠡᠰᠬᠡ ᠦᠭᠡᠢ ᠪᠣᠯᠤᠯ᠎ᠠ
ᠬᠥᠮᠦᠨ ᠭᠦᠷᠦᠨ ᠪ ᠳᠠᠶ᠋ᠢᠴᠢᠨ ᠠᠷᠠᠳ ᠮᠢᠨᠢ
ᠬᠥᠬᠡ ᠵᠡᠷᠭᠡᠯᠭᠡᠨ ᠳ᠋ᠦ᠍ ᠵᠠᠮᠬᠠᠷᠠᠨ ᠦᠯᠡᠳᠡᠯ᠎ᠡ
ᠬᠥᠷᠥᠰᠥᠲᠦ ᠭᠠᠵᠠᠷ ᠶ᠋ᠢᠡᠨ ᠵᠠᠮᠬᠠᠷᠠᠨ ᠦᠯᠡᠳᠡᠵᠡᠢ
ᠾᠦᠩᠨᠦ ᠶ᠋ᠢᠨ ᠴᠢᠩ ᠪᠠᠭᠠᠲᠤᠷ ᠳᠡᠭᠡᠳᠦᠰ ᠮᠢᠨᠢ
ᠬᠥᠯᠥᠰᠥ ᠴᠢᠰᠤ ᠪᠠᠨ ᠤᠷᠤᠰᠬᠠᠨ ᠨᠤᠲᠤᠭ ᠶ᠋ᠢᠠᠨ ᠦᠯᠡᠳᠡᠭᠡᠯ᠎ᠡ
ᠬᠥᠮᠦᠨ ᠭᠦᠷᠦᠨ ᠪ ᠵᠢᠷᠦᠬᠡ ᠠᠯᠳᠠᠷᠠᠨ
ᠬᠥᠷᠥᠰᠥᠲᠦ ᠳᠡᠯᠡᠬᠡᠢ ᠳ᠋ᠦ᠍ ᠮᠥᠩᠬᠡᠷᠡᠨ ᠦᠯᠡᠳᠡᠵᠡᠢ
ᠾᠦᠩᠨᠦ ᠭᠦᠷᠦᠨ ᠪ ᠭᠠᠵᠠᠷ ᠰᠢᠷᠣᠢ ᠮᠢᠨᠢ
ᠡᠭᠦᠯᠡᠨ ᠴᠡᠩᠬᠡᠷ ᠠᠭᠤᠯᠠᠰ ᠶ᠋ᠢᠠᠨ ᠠᠯᠳᠠᠭᠠᠳ
ᠦᠷᠡᠵᠢᠯ ᠣᠯᠠᠨ ᠰᠦᠷᠦᠭ ᠮᠠᠯ ᠮᠢᠨᠢ
ᠥᠰᠥᠨ ᠪᠡᠯᠴᠢᠬᠦ ᠭᠠᠵᠠᠷ ᠦᠭᠡᠢ ᠪᠣᠯᠤᠯ᠎ᠠ
ᠪᠠᠭᠠᠲᠤᠷ ᠲᠦᠮᠡᠨ ᠨᠢ ᠢᠵᠢᠯᠢ ᠪᠡᠨ ᠳᠤᠲᠠᠭᠠᠭᠠᠳ
ᠪᠠᠷᠠᠭᠠᠨ ᠪ ᠭᠠᠵᠠᠷ ᠲᠣᠷᠭᠣᠭᠠᠳ ᠦᠯᠡᠳᠡᠯ᠎ᠡ
ᠪᠠᠶᠠᠯᠢᠬ ᠲᠡᠦᠬᠡ ᠪᠡᠨ ᠲᠡᠪᠡᠷᠢᠭᠡᠳ ᠬᠣᠴᠣᠷᠤᠯ᠎ᠠ
ᠾᠦᠩᠨᠦ ᠶ᠋ᠢᠨ ᠴᠢᠩ ᠪᠠᠭᠠᠲᠤᠷ ᠳᠡᠭᠡᠳᠦᠰ ᠮᠢᠨᠢ
ᠬᠥᠯᠥᠰᠥ ᠴᠢᠰᠤ ᠪᠠᠨ ᠤᠷᠤᠰᠬᠠᠨ ᠨᠤᠲᠤᠭ ᠶ᠋ᠢᠠᠨ ᠦᠯᠡᠳᠡᠭᠡᠯ᠎ᠡ
ᠬᠥᠮᠦᠨ ᠭᠦᠷᠦᠨ ᠪ ᠵᠢᠷᠦᠬᠡ ᠠᠯᠳᠠᠷᠠᠨ
ᠬᠥᠷᠥᠰᠥᠲᠦ ᠳᠡᠯᠡᠬᠡᠢ ᠳ᠋ᠦ᠍ ᠮᠥᠩᠬᠡᠷᠡᠨ ᠦᠯᠡᠳᠡᠵᠡᠢ
ᠾᠦᠩᠨᠦ ᠭᠦᠷᠦᠨ ᠪ ᠭᠠᠵᠠᠷ ᠰᠢᠷᠣᠢ ᠮᠢᠨᠢ
ᠾᠦᠩᠨᠦ ᠭᠦᠷᠦᠨ ᠪ ᠭᠠᠵᠠᠷ ᠰᠢᠷᠣᠢ ᠮᠢᠨᠢ
ᠰᠤᠷᠭᠠᠯ ᠦᠭᠡ
ᠬᠠᠢᠷᠠᠨ ᠭᠠᠵᠠᠷ ᠨᠤᠲᠤᠭ ᠮᠢᠨᠢ
ᠬᠠᠷᠢ ᠶᠢᠨ ᠢᠷᠭᠡᠨ ᠦ ᠬᠥᠯ ᠳᠤ
ᠳᠠᠷᠤᠭᠳᠠᠬᠤ ᠪᠣᠢ
ᠬᠠᠮᠤᠭ ᠮᠣᠩᠭᠣᠯ ᠲᠦᠮᠡᠨ ᠮᠢᠨᠢ
ᠬᠠᠪᠢᠷᠤᠯᠳᠤᠨ ᠪᠤᠲᠠᠷᠠᠭᠰᠠᠨ ᠳᠤ ᠵᠣᠪᠠᠬᠤ
ᠪᠣᠢ
ᠮᠢᠨᠤ ᠨᠤᠲᠤᠭ ᠤᠨ ᠭᠠᠵᠠᠷ ᠰᠢᠷᠣᠢ ᠠᠴᠠ
ᠪᠤᠷᠬᠠᠨ ᠭᠤᠶᠤᠭᠰᠠᠨ ᠴᠤ᠌ ᠪᠤᠤ ᠥᠭ
ᠪᠤᠷᠬᠠᠨ ᠭᠤᠶᠤᠭᠰᠠᠨ ᠴᠤ᠌ ᠪᠤᠤ ᠥᠭ
