ᠰᠢᠪᠠᠭᠤᠨ ᠰᠠᠷᠠᠯ- ᠳ · ᠨᠠᠴᠤᠭᠳᠣᠷᠵᠢШувуун саарал-д, нацагдорж
ᠨᠢᠭᠡ᠂
ᠬᠥᠨᠳᠡᠢ
ᠲᠠᠯ᠎ᠠ ᠶᠢᠨ ᠵᠡᠷᠭᠡᠯᠭᠡ ᠮᠢᠷᠠᠯᠵᠠᠨ ᠵᠢᠷᠢᠯᠵᠡᠬᠦ ᠨᠢ ᠬᠣᠯᠠ ᠠᠴᠠ ᠦᠵᠡᠬᠦ ᠳᠦ ᠰᠣᠨᠢᠨ᠃ ᠬᠡᠳᠦᠨ
ᠵᠢᠵᠢᠭᠬᠡᠨ ᠶᠠᠭᠤᠮ᠎ᠠ ᠲᠡᠭᠦᠨ ᠦ ᠳᠤᠮᠳᠠ ᠰᠦᠮᠡᠯᠵᠡᠬᠦ ᠨᠢ ᠶᠠᠭᠠᠬᠢᠨ ᠳᠠᠷᠤᠢ ᠲᠠᠨᠢᠭᠳᠠᠨ᠎ᠠ᠃
ᠠᠭᠤᠳᠠᠮ
ᠭᠠᠵᠠᠷ ᠳᠤᠷ᠎ᠠ ᠪᠠᠷ ᠰᠡᠯᠡᠭᠦᠴᠡᠬᠦ ᠬᠡᠭᠡᠷ᠎ᠡ ᠬᠥᠳᠡᠭᠡ ᠶᠢᠨ ᠴᠡᠩᠭᠡᠯ᠂ ᠬᠤᠷᠳᠤᠨ ᠮᠣᠷᠢᠨ ᠤ ᠢᠷᠠᠯᠵᠠᠨ ᠢᠷᠡᠬᠦ ᠡᠷ᠎ᠡ
ᠬᠦᠮᠦᠨ ᠦ ᠪᠠᠬᠠᠳᠤᠯ᠂ ᠣᠢᠷᠠᠳᠤᠨ ᠦᠵᠡᠪᠡᠯ ᠬᠡᠳᠦᠨ ᠵᠠᠯᠠᠭᠤᠰ ᠮᠣᠷᠢ ᠲᠠᠷᠯᠠᠵᠤ ᠪᠠᠢᠨ᠎ᠠ᠃
ᠬᠣᠶᠠᠷ᠂
ᠰᠦᠷᠦᠩᠬᠦᠦ ᠰᠠᠷᠠᠯ
ᠮᠣᠷᠢᠨ ᠤ ᠠᠮᠠ ᠶᠢ ᠠᠷᠠᠢᠬᠠᠨ ᠲᠣᠭᠲᠠᠭᠠᠵᠤ᠂ ᠣᠪᠣᠭᠠᠨ ᠤ ᠳᠡᠷᠭᠡᠳᠡ ᠪᠠᠭᠤᠨ᠂
ᠬᠥᠯᠥᠰᠥ ᠶᠢ ᠨᠢ ᠬᠤᠰᠤᠭᠠᠳ᠂
ᠲᠠᠮᠠᠬᠢ ᠲᠠᠲᠠᠨ ᠪᠠᠢᠬᠤ ᠪᠥᠭᠡᠳ ᠲᠠᠰᠢᠶ᠎ᠠ ᠨᠢ ᠲᠡᠪᠬᠡᠢᠵᠦ᠂ ᠬᠠᠪᠢᠷᠭᠠᠨ ᠤ ᠶᠠᠰᠤ ᠨᠢ ᠢᠷᠠᠢᠭᠰᠠᠨ᠂
ᠢᠯᠠᠭᠤᠨ ᠰᠠᠷᠠᠯ ᠮᠣᠷᠢ ᠨᠢ ᠲᠣᠭᠲᠠᠵᠤ ᠶᠠᠳᠠᠨ᠂ ᠭᠣᠤ᠎ᠠ ᠰᠠᠢᠬᠠᠨ ᠳᠥᠷᠪᠡᠨ ᠬᠥᠯ ᠢᠶᠡᠷ ᠢᠶᠡᠨ ᠡᠭᠡᠯᠵᠢᠯᠡᠨ ᠭᠠᠵᠠᠷ
ᠴᠠᠪᠴᠢᠯᠠᠵᠤ᠂ ᠤᠷᠠᠨ ᠰᠠᠢᠬᠠᠨ ᠲᠣᠯᠤᠭᠠᠢ ᠪᠠᠨ ᠡᠢᠰᠢ ᠲᠡᠢᠰᠢ ᠰᠡᠵᠢᠭᠦ ᠨᠢ ᠠᠭᠠᠷ ᠲᠤ ᠲᠡᠭᠳᠡᠵᠦ᠂
ᠡᠬᠦᠯᠡᠨ ᠳᠦ ᠤᠮᠪᠠᠨ ᠠᠯᠳᠠᠮᠠᠷ᠃ ᠬᠣᠶᠠᠷ ᠴᠢᠬᠢ ᠪᠡᠨ ᠰᠣᠯᠪᠢᠯᠵᠠᠭᠤᠯᠤᠨ ᠬᠠᠶᠠ ᠨᠢᠭᠡ ᠰᠢᠯᠭᠡᠭᠡᠵᠦ᠂
ᠡᠵᠡᠨ ᠦ ᠪᠡᠨ ᠰᠡᠳᠬᠢᠯ ᠢ ᠪᠠᠶᠠᠰᠬᠠᠨ᠎ᠠ᠃
ᠭᠤᠷᠪᠠ᠂
ᠡᠨᠡ ᠦᠶ᠎ᠡ ᠳᠦ
ᠤᠳᠠᠭ᠎ᠠ ᠳᠠᠷᠠᠭ᠎ᠠ ᠬᠦᠷᠴᠦ ᠢᠷᠡᠭᠰᠡᠨ ᠬᠦᠮᠦᠰ ᠲᠡᠭᠦᠨ ᠢ ᠭᠠᠢᠬᠠᠨ ᠮᠠᠭᠲᠠᠬᠤ ᠪᠥᠭᠡᠳ ᠰᠢᠪᠠᠭᠤᠨ ᠰᠠᠷᠠᠯ
ᠭᠡᠵᠦ ᠨᠡᠷᠡᠢᠳᠦᠨ᠂ ᠰᠦᠷᠦᠩᠬᠦᠦ ᠡᠴᠡ ᠱᠠᠯᠠᠵᠤ᠂ ᠡᠳᠦᠢ ᠲᠡᠳᠦᠢ ᠵᠠᠯᠠᠭᠤ ᠲᠠᠷᠭᠤᠨ ᠮᠣᠷᠢᠨ ᠤ ᠦᠨ᠎ᠡ
ᠬᠠᠶᠠᠯᠴᠠᠨ᠎ᠠ᠃
ᠰᠦᠷᠦᠩᠬᠦᠦ
ᠮᠣᠷᠢᠨ ᠤ ᠲᠣᠯᠣᠭᠠᠢ ᠶᠢ ᠢᠯᠪᠢᠵᠦ ᠬᠤᠳᠠᠯᠳᠤᠬᠤ ᠦᠭᠡᠢ ᠭᠡᠨ᠎ᠡ᠃
ᠴᠤᠭᠭᠠᠷ
ᠨᠢᠭᠡᠨ ᠵᠡᠷᠭᠡ ᠰᠢᠪᠠᠭᠤᠨ ᠰᠠᠷᠠᠯ ᠤᠨ ᠲᠤᠬᠠᠢ ᠶᠠᠷᠢᠶ᠎ᠠ ᠪᠣᠯᠤᠯᠴᠠᠭᠠᠳ ᠣᠷᠣᠢ ᠶᠢᠨ ᠰᠢᠷ᠎ᠠ ᠨᠠᠷᠠᠨ ᠳᠤ
ᠵᠦᠭ ᠵᠦᠭ᠂ ᠭᠡᠷ ᠭᠡᠷ ᠲᠦ ᠪᠡᠨ ᠬᠣᠶᠠᠷ ᠭᠤᠷᠪᠠ ᠪᠠᠷ ᠢᠶᠠᠨ ᠨᠡᠢᠯᠡᠯᠳᠦᠨ ᠶᠠᠷᠢᠯᠴᠠᠨ ᠢᠰᠬᠡᠷᠦᠯᠳᠦᠨ
ᠣᠳᠴᠠᠭᠠᠨᠠ᠃
ᠲᠥᠷᠪᠡ᠂
ᠦᠷ ᠦᠨ ᠬᠠᠶᠠᠭ᠎ᠠ
ᠭᠡᠭᠡᠷᠡᠬᠦ ᠳᠦ᠂ ᠬᠥᠮᠥᠰᠬᠡ ᠮᠡᠲᠦ ᠰᠠᠷ᠎ᠠ ᠳᠠᠯᠳᠠ ᠣᠷᠣᠭ᠎ᠠ ᠦᠭᠡᠢ᠂ ᠳᠡᠷᠭᠡᠳᠡᠭᠦᠷ ᠨᠠᠮᠤᠷ ᠤᠨ ᠬᠢᠷᠠᠭᠤ
ᠭᠢᠯᠲᠠᠭᠠᠨᠠᠵᠤ᠂ ᠲᠡᠷᠲᠡᠭᠡ ᠠᠭᠤᠯᠠ ᠶᠢᠨ ᠣᠷᠣᠢ ᠡᠷᠪᠡᠢᠨ ᠰᠡᠷᠪᠡᠢᠨ ᠦᠵᠡᠭᠳᠡᠨ᠎ᠡ᠃ ᠭᠡᠲᠡᠯ᠎ᠡ ᠰᠦᠷᠦᠩᠬᠦᠦ
ᠭᠡᠷ ᠡᠴᠡ ᠭᠠᠷᠴᠤ᠂ ᠮᠣᠷᠢ ᠪᠠᠨ ᠪᠠᠷᠢᠵᠤ ᠡᠮᠡᠭᠡᠯᠯᠡᠨ ᠮᠣᠷᠳᠠᠭᠠᠳ ᠪᠠᠷᠠᠭᠤᠨ ᠵᠦᠭ ᠣᠳᠪᠠ᠃
ᠲᠠᠪᠤ᠂
ᠥᠷᠯᠥᠭᠡᠨ ᠦ ᠨᠠᠷᠠ
ᠭᠠᠷᠬᠤ ᠳᠤ᠂ ᠨᠢᠭᠡᠨᠲᠡ ᠬᠡᠳᠦ ᠬᠡᠳᠦᠨ ᠠᠭᠤᠯᠠ᠂ ᠭᠣᠣᠯ ᠢ ᠥᠩᠭᠡᠷᠡᠵᠡᠢ᠃ ᠰᠦᠷᠦᠩᠬᠦᠦ ᠬᠥᠨᠳᠡᠯᠡᠨ ᠰᠠᠭᠤᠵᠤ᠂
ᠬᠣᠯᠠᠬᠢ ᠭᠠᠵᠠᠷ ᠢ ᠵᠣᠷᠢᠨ ᠡᠨᠡ ᠦᠳᠡᠰᠢ ᠨᠢᠭᠡ ᠶᠠᠭᠤᠮᠠᠨ ᠳᠤ ᠶᠠᠭᠠᠷᠠᠨ᠎ᠠ᠃
ᠰᠢᠪᠠᠭᠤᠨ
ᠰᠠᠷᠠᠯ ᠨᠢ ᠬᠠᠵᠠᠭᠠᠷ ᠳᠠᠷᠤᠨ᠂ ᠬᠣᠨᠣᠭ ᠤᠨ ᠭᠠᠵᠠᠷ ᠢ ᠡᠳᠦᠷ ᠲᠦ ᠬᠦᠷᠬᠦ ᠪᠡᠷ ᠲᠡᠮᠡᠦᠯᠦᠨ
ᠬᠠᠳᠠᠷᠢᠨᠠ᠃
ᠵᠢᠷᠭᠣᠭ᠎ᠠ᠂
ᠶᠠᠪᠤᠬᠤ ᠵᠠᠮ ᠮᠡᠯᠴᠡᠢᠮᠡ
ᠴᠡᠯᠡᠭᠡᠷ᠂ ᠰᠠᠢᠬᠠᠨ ᠨᠠᠮᠤᠷ ᠤᠨ ᠦᠶᠡᠰ ᠲᠤᠯᠠ᠂ ᠡᠪᠡᠰᠦᠨ ᠦ ᠲᠣᠯᠣᠭᠠᠢ ᠨᠠᠢᠭᠤᠨ᠎ᠠ᠃
ᠡᠮᠦᠨ᠎ᠡ
ᠪᠡᠶ᠎ᠡ ᠪᠡᠷ ᠬᠡᠷᠦᠨ ᠳᠠᠪᠬᠢᠬᠤ ᠭᠥᠷᠥᠭᠡᠰᠦ ᠤᠭ ᠶᠣᠰᠣᠭᠠᠷ ᠴᠡᠩᠭᠡᠯᠳᠦᠭᠡᠳ᠂ ᠳᠣᠯᠭᠢᠶᠠᠨ ᠮᠡᠲᠦ
ᠥᠩᠭᠡᠷᠡᠨ᠎ᠡ᠃
ᠰᠢᠪᠠᠭᠤᠨ
ᠰᠠᠷᠠᠯ ᠮᠣᠷᠢ ᠨᠢ ᠰᠦᠷᠦᠩᠬᠦᠦ ᠶᠢᠨ ᠤᠨᠤᠭ᠎ᠠ᠂ ᠰᠦᠮᠡᠯᠵᠡᠨ ᠰᠦᠮᠡᠯᠵᠡᠨ ᠬᠠᠷᠠᠭᠳᠠᠬᠤ ᠨᠢ ᠰᠦᠨᠵᠢᠳᠮ᠎ᠠ ᠶᠢᠨ
ᠨᠤᠲᠤᠭ᠃
ᠳᠣᠯᠤᠭ᠎ᠠ᠂
ᠬᠠᠷᠢ ᠬᠤᠰᠢᠭᠤᠨ ᠤ
ᠨᠤᠲᠤᠭ ᠲᠤ ᠣᠷᠣᠬᠤ ᠳᠤ ᠤᠷᠢᠳᠤ ᠦᠵᠡᠭᠳᠡᠭᠡ ᠦᠭᠡᠢ ᠠᠭᠤᠯᠠ᠂ ᠤᠰᠤ ᠴᠤ᠌ ᠪᠠᠰᠠ ᠰᠣᠨᠢᠨ᠃
ᠡᠭᠦᠪᠡᠷ
ᠲᠡᠭᠦᠪᠡᠷ ᠠᠳᠤᠭᠤ ᠮᠠᠯ ᠵᠥᠩᠳᠡᠭᠡᠨ ᠪᠡᠯᠴᠢᠭᠡᠳ᠂ ᠦᠶ᠎ᠡ ᠦᠶ᠎ᠡ ᠲᠣᠬᠢᠶᠠᠯᠳᠣᠬᠤ ᠠᠢᠯ ᠤᠨ ᠵᠡᠯ᠎ᠡ ᠳᠡᠭᠡᠷ᠎ᠡ
ᠪᠠᠷᠢᠶᠠᠲᠠᠢ ᠭᠡᠭᠦᠦ ᠨᠦᠭᠦᠳ ᠢᠨᠴᠠᠭᠠᠵᠤ ᠠᠢᠷᠠᠭ ᠨᠠᠢᠷ ᠤᠨ ᠴᠠᠭ ᠮᠡᠳᠡᠭᠳᠡᠪᠡᠴᠦ᠂ᠳᠠᠭᠠᠷᠢᠨ ᠣᠷᠣᠵᠤ
ᠵᠤᠭᠠᠴᠠᠬᠤ ᠴᠢᠯᠦᠭᠡ ᠬᠠᠮᠢᠭ᠎ᠠ ᠪᠤᠢ?
ᠨᠠᠢ᠍ᠮᠠ᠂
ᠰᠦᠷᠦᠩᠬᠦᠦ
ᠡᠭᠦᠨ ᠳᠦ ᠰᠣᠨᠢᠷᠬᠠᠬᠤ ᠨᠢ ᠪᠠᠭ᠎ᠠ᠂ ᠲᠡᠭᠦᠨ ᠳᠦ ᠰᠢᠮᠳᠠᠬᠤ ᠶᠡᠬᠡ ᠲᠤᠯᠠ ᠴᠢᠭᠯᠡᠭᠰᠡᠨ ᠵᠦᠭ ᠳᠠᠪᠬᠢᠨ
ᠥᠩᠭᠡᠷᠡᠬᠦ ᠪᠥᠭᠡᠳ ᠰᠢᠪᠠᠭᠤᠨ ᠰᠠᠷᠠᠯ᠂ ᠦᠳᠡᠰᠢ ᠪᠣᠯᠲᠠᠯ᠎ᠠ ᠥᠷᠯᠥᠭᠡᠨ ᠦ ᠬᠡᠪ ᠢᠶᠡᠷ ᠬᠠᠳᠠᠷᠢᠭᠰᠠᠭᠠᠷ᠂
ᠨᠠᠷᠢᠨ ᠰᠠᠢᠬᠠᠨ ᠳᠥᠷᠪᠡᠨ ᠬᠥᠯ ᠨᠢ ᠠᠭᠤᠯᠠ ᠬᠤᠸᠠ ᠶᠢᠨ ᠲᠣᠭᠣᠰᠣ ᠶᠢ ᠪᠤᠳᠠᠷᠠᠭᠤᠯᠤᠭᠰᠠᠭᠠᠷ᠂ ᠣᠢᠷ᠎ᠠ
ᠵᠡᠷᠭᠡᠯᠡᠳᠡᠭᠡ ᠰᠠᠭᠤᠭᠰᠠᠨ ᠨᠤᠲᠤᠭ ᠤᠨ ᠠᠢᠯ ᠤᠨ ᠬᠥᠭᠰᠢᠳ ᠵᠠᠯᠠᠭᠤᠰ ᠲᠡᠭᠦᠨ ᠦ ᠪᠠᠷ᠎ᠠ ᠶᠢ ᠬᠠᠷᠠᠵᠤ
ᠭᠠᠢᠬᠠᠨ᠎ᠠ᠃
ᠡᠢᠮᠦ
ᠰᠠᠢᠬᠠᠨ ᠮᠣᠷᠢ ᠤᠨᠤᠭᠰᠠᠨ ᠬᠦᠮᠦᠨ ᠬᠠᠮᠢᠭᠠᠰᠢ ᠪᠠᠨ ᠣᠳᠤᠨ᠎ᠠ ᠭᠡᠵᠦ ᠴᠥᠮ ᠰᠢᠷᠲᠡᠭᠰᠡᠭᠡᠷ ᠬᠣᠴᠣᠷᠤᠨ᠎ᠠ᠃
ᠶᠢᠰᠦ᠂
ᠬᠤᠷᠳᠤᠯᠠᠨ
ᠳᠠᠪᠬᠢᠬᠤ ᠨᠢ ᠨᠡᠩ ᠶᠡᠬᠡ᠂ ᠬᠠᠷᠠᠬᠠᠨ ᠨᠢᠭᠡ ᠡᠷᠭᠢᠴᠡᠭᠦᠯᠬᠦ ᠶᠢᠨ ᠵᠠᠭᠤᠷ᠎ᠠ ᠳᠠᠯᠳᠠ ᠣᠷᠣᠨ᠂
ᠰᠤᠷᠠᠭ ᠦᠭᠡᠢ ᠪᠣᠯᠵᠠᠢ᠃
ᠲᠡᠭᠦᠨ ᠡᠴᠡ
ᠲᠡᠷᠡ ᠬᠣᠰᠢᠭᠤᠨ ᠤ ᠨᠤᠲᠤᠭ ᠤᠨ ᠳᠤᠮᠳᠠ ᠣᠷᠣᠬᠤ ᠶᠢᠨ ᠬᠠᠮᠲᠤ ᠰᠦᠷᠦᠩᠬᠦᠦ ᠶᠢᠨ ᠰᠡᠳᠬᠢᠯ ᠶᠡᠬᠡ ᠯᠠ
ᠪᠠᠬᠠᠲᠠᠢ ᠪᠣᠯᠵᠤ᠂ ᠰᠦᠨᠵᠢᠳᠮ᠎ᠠ ᠶᠢᠨ ᠭᠡᠷ ᠣᠢᠷᠠᠳᠤᠭᠰᠠᠨ ᠭᠡᠵᠦ ᠪᠠᠶᠠᠷᠯᠠᠬᠤ ᠪᠣᠯᠪᠠᠴᠤ᠂ ᠬᠠᠭᠤᠴᠢᠨ
ᠰᠠᠷ᠎ᠠ ᠣᠷᠣᠢ ᠮᠠᠨᠳᠤᠬᠤ ᠲᠤᠯᠠ᠂ ᠠᠯᠤᠰ ᠵᠠᠮ ᠤᠨ ᠴᠢᠭ ᠢ ᠣᠯᠵᠤ ᠶᠠᠳᠠᠨ᠎ᠠ᠃
ᠠᠷᠪᠠ᠂
ᠴᠠᠭᠠᠨ ᠭᠡᠭᠡ
ᠨᠢᠭᠡᠨᠲᠡ ᠵᠠᠮᠬᠠᠷᠠᠵᠤ᠂ ᠦᠳᠡᠰᠢ ᠶᠢᠨ ᠪᠠᠢᠳᠠᠯ ᠪᠠᠰᠠ ᠴᠤ᠌ ᠬᠣᠵᠢᠮᠳᠠᠭᠰᠠᠨ᠂ ᠶᠠᠪᠤᠬᠤ ᠵᠠᠮ ᠢ ᠭᠠᠭᠴᠠ
ᠬᠦ᠌ ᠰᠢᠪᠠᠭᠤᠨ ᠰᠠᠷᠠᠯ ᠤᠳᠤᠷᠢᠳᠴᠠᠢ᠃
ᠲᠡᠷᠲᠡᠭᠡ
ᠠᠭᠤᠯᠠ ᠶᠢ ᠵᠥᠪᠬᠡᠨ ᠰᠦᠷᠦᠩᠬᠦᠦ ᠰᠢᠷᠲᠡᠬᠦ ᠪᠣᠯᠪᠠᠴᠤ᠂ ᠭᠠᠭᠴᠠ ᠬᠦ᠌ ᠬᠡᠳᠦᠨ ᠣᠳᠣ ᠡᠨᠳᠡ ᠲᠡᠨᠳᠡ
ᠰᠦᠮᠡᠯᠵᠡᠵᠦ᠂ ᠨᠥᠬᠥᠷ ᠪᠣᠯᠤᠯᠴᠠᠨ᠎ᠠ᠃
ᠡᠨᠡ
ᠦᠶ᠎ᠡ ᠰᠦᠷᠦᠩᠬᠦᠦ ᠵᠣᠷᠢᠭᠰᠠᠨ ᠭᠠᠵᠠᠷ ᠴᠤᠬᠤᠮ ᠬᠠᠮᠢᠭ᠎ᠠ ᠪᠦᠬᠦᠢ ᠶᠢ ᠯᠠᠪᠯᠠᠨ ᠡᠷᠭᠢᠴᠡᠭᠦᠯᠬᠦ ᠶᠢᠨ
ᠵᠠᠭᠤᠷ᠎ᠠ ᠡᠮᠦᠨ᠎ᠡ ᠬᠠᠵᠠᠭᠤ ᠶᠢᠨ ᠡᠲᠡᠭᠡᠳ ᠲᠦ ᠭᠠᠯ ᠤᠨ ᠣᠴᠢ ᠭᠢᠯᠠᠯᠵᠠᠪᠠ᠃
ᠠᠷᠪᠠᠨ ᠨᠢᠭᠡ᠂
ᠰᠦᠷᠦᠩᠬᠦᠦ
ᠲᠡᠭᠦᠨ ᠢ ᠦᠵᠡᠨ ᠪᠠᠶᠠᠰᠴᠤ᠂ ᠰᠢᠭᠤᠳ ᠳᠠᠪᠬᠢᠨ ᠣᠳᠬᠤ ᠵᠠᠮ ᠳᠤ ᠲᠣᠷᠬᠤ ᠶᠠᠭᠤᠮ᠎ᠠ ᠦᠭᠡᠢ᠂ ᠰᠢᠪᠠᠭᠤᠨ
ᠰᠠᠷᠠᠯ ᠤᠨ ᠲᠤᠭᠤᠷᠠᠢ ᠠᠴᠠ ᠪᠠᠢᠨ ᠪᠠᠢᠨ ᠭᠠᠯ ᠪᠠᠳᠠᠷᠠᠨ᠎ᠠ᠃
ᠤᠳᠠᠯ ᠦᠭᠡᠢ
ᠨᠢᠭᠡ ᠪᠥᠭᠯᠡᠭᠦᠦ ᠭᠠᠵᠠᠷ ᠲᠤ ᠬᠣᠶᠠᠷ ᠭᠤᠷᠪᠠᠨ ᠭᠡᠷ ᠦᠨ ᠬᠠᠶᠠᠭᠠᠨ ᠳᠤ ᠬᠦᠷᠬᠦ ᠶᠢᠨ ᠬᠠᠮᠲᠤ ᠮᠥᠨ
ᠭᠡᠷ ᠡᠴᠡ ᠰᠦᠨᠵᠢᠳᠮ᠎ᠠ ᠭᠠᠷᠴᠤ᠂ ᠨᠣᠬᠠᠢ ᠬᠤᠷᠢᠬᠤ ᠪᠥᠭᠡᠳ ᠬᠠᠰ ᠤᠨ ᠴᠢᠷᠠᠢ ᠨᠢ ᠬᠠᠪ ᠬᠠᠷᠠᠩᠭᠤᠢ ᠶᠢᠨ
ᠳᠤᠮᠳᠠ ᠲᠤᠶᠠᠭ᠎ᠠ ᠲᠤᠰᠬᠠᠨ᠎ᠠ᠃
ᠳ ∙ ᠨᠠᠴᠤᠭᠳᠣᠷᠵᠢ᠂ 1930 ᠣᠨ
Хөндий талын зэрэглээ мяралзан жирэлзэх нь холоос үзэхэд сонин. Хэдэн жижигхэн юм түүний дунд сүүмэлзэх нь яахин даруй танигдана.
Уудам газар дураар сэлгүүцэх хээр хөдөөгийн цэнгэл, хурдан морины ирэлзэн ирэх эр хүний бахдал, ойртон үзвэл хэдэн залуус морь тарлаж байна.
Сүрэнхүү саарал морины амыг арайхан тогтоож, овооны дэргэд буун, хөлсий нь хусаад, тамхи татан байх бөгөөд ташаа нь тэвхийж, хавирганы яс нь ярайсан, ялгуун саарал морь нь тогтож ядан, гоо сайхан толгойгоо ийш тийш сэжих нь агаарт дэгдэж, үүлэнд умбан алдмаар. Хоёр чихээ солбилзуулан, хааяа нэг шилгээж, эзнийхээ сэтгэлийг баясгана.
Энэ үед удаа дараа хүрч ирсэн хүмүүс түүнийг гайхан магтах бөгөөд шувуун саарал гэж нэрийдэн, Сүрэнхүүгээс шалж, өдий төдий залуу тарган морины үнэ хаялцана.
Сүрэнхүү морины толгойг илбэж худалдахгүй гэнэ.
Цугаар нэгэн зэрэг шувуун саарлын тухай яриа бололцоод оройн шар наранд зүг, зүг гэр гэртээ хоёр гурваараа нийлэлдэн ярилцан исгэрэлдэн одоцгооно.
Үүрийн хаяа гэгээрэхэд, хөмсөг мэт сар далд ороогүй, дэргэдүүр намрын хяруу гялтганаж, тэртээ уулын орой эрвийн сэрвийн үзэгдэнэ. Гэтэл Сүрэнхүү гэрээс гарч, морио барьж эмээллэн мордоод баруун зүг одов.
Өглөөний нар гарахад, нэгэнт хэд хэдэн уул, голыг өнгөрчээ. Сүрэнхүү хөндлөн сууж, холхи газрыг зорин энэ үдэш нэг юманд яарна.
Шувуун саарал нь хазаар даран, хоногийн газрыг өдөрт хүрэхээр тэмүүлэн хатирна. Явах зам мэлцийм цэлгэр, сайхан намрын үес тул, өвсний толгой найгана.
Өмнө биеэр хэрэн давхих гөрөөс уг ёсоор цэнгэлдээд, долгион мэт өнгөрнө.
Шувуун саарал морь нь Сүрэнхүүгийн унаа, сүүмэлзэн сүүмэлзэн харагдах нь Сүнжидмаагийн нутаг.
Харь хушууны нутагт ороход урьд үзэгдээгүй уул, ус ч бас сонин.
Үүгээр түүгээр адуу мал зөндөө билчээд, үе үе тохиолдох айлын зэл дээр бариатай гүүнүүд янцгааж айраг найрын цаг мэдэгдэвч,дайран орж зугаацах чөлөө хаана вэ?
Сүрэнхүү үүнд сонирхох нь бага, түүнд шамдах их тул чиглэсэн зүг давхин өнгөрөх бөгөөд шувуун саарал, үдэш болтол өглөөний хэвээр хатирсаар, нарийн сайхан дөрвөн хөл нь уул ухаагийн тоосыг будруулсаар, ойр зэргэлдээ суусан нутгийн айлын хөгшид залуус түүний барааг харж гайхна.
Ийм сайхан морь унасан хүн хаашаа одно гэж цөм ширтсээр хоцорно.
Хурдлан давхих нь нэн их, хараахан нэг зуур эрэгцүүлэхийн зуур далд орон, сураггүй болжээ.
Түүнээс тэр хошууны нутгийн дунд орохын хамт Сүрэнхүүгийн сэтгэл их л бахтай болж, Сүнжидмаагийн гэр ойртсон гэж баярлах боловч, хуучин сар орой мандах тул, алс замын чигийг олж ядна.
Цагаан гэгээ нэгэнт замхарч, үдшийн байдал бас ч хожимдсон, явах замыг гагцхүү шувуун саарал удирджээ.
Тэртээ уулыг зөвхөн Сүрэнхүү ширтэх боловч, гагцхүү хэдэн од энд тэнд сүүмэлзэж, нөхөр бололцоно.
Энэ үе Сүрэнхүү зорьсон газар чухам хаана бүхийг лавлан эрэгцүүлэхийн зуур өмнө хажуугийн этгээдэд галын оч гялалзав.
Сүрэнхүү түүнийг үзэн баясаж, шууд давхин одох замд торох юмгүй, шувуун саарлын туурайгаас байн байн гал бадарна.
Удалгүй нэг бөглүү газарт хоёр гурван гэрийн хаяанд хүрэхийн хамт мөн гэрээс Сүнжидмаа гарч, нохой хорих бөгөөд хасын царай нь хав харанхуйн дунд туяа тусгана.
Д.Нацагдорж, 1930 он
