ᠮᠣᠩᠭᠣᠯ ᠦᠰᠦᠭ- ᠥᠷᠭᠡᠨ ᠤᠶᠠᠩᠭᠠᠯᠠᠨ᠎ᠠМонгол үсэг-өргөн уянгална
ᠮᠣᠩᠭᠣᠯ ᠦᠰᠦᠭ
ᠥᠷᠭᠡᠨ ᠤᠶᠠᠩᠭᠠᠯᠠᠨ᠎ᠠ
ᠲᠠᠲᠠᠯᠠᠭᠠᠳ ᠪᠢᠴᠢᠪᠡᠯ ᠪᠥᠵᠢᠭᠴᠢᠨ ᠦᠰᠦᠭ ᠂
ᠤᠷᠳᠤ ᠶ᠋ᠢᠨ ᠳᠠᠭᠤᠤ ᠰᠢᠭ᠋ ᠢᠶ᠋ᠡᠨ ᠤᠷᠲᠤᠬᠠᠨ ᠦᠰᠦᠭ ᠂
ᠤᠭᠠᠯᠵᠠᠯᠠᠨ ᠤᠷᠤᠰᠬᠤ ᠭᠣᠣᠯ ᠰᠢᠭ᠋ ᠦᠰᠦᠭ ᠂
ᠮᠣᠩᠭᠣᠯ ᠦᠰᠦᠭ ᠮᠣᠩᠭᠣᠯ ᠦᠰᠦᠭ ᠂
ᠮᠥᠩᠬᠡ ᠲᠡᠭᠷᠢ ᠶ᠋ᠢᠨ ᠲᠤᠯᠭᠤᠷ ᠦᠰᠦᠭ ᠂
ᠬᠠᠭᠠᠨ ᠴᠢᠩᠭᠢᠰ ᠦᠨ ᠮᠢᠨᠢ ᠰᠠᠨᠠᠭᠠᠴᠢᠯᠠᠭᠰᠠᠨ ᠦᠰᠦᠭ ᠂
ᠬᠠᠳᠠᠨ ᠳᠡᠭᠡᠷ᠎ᠡ ᠲᠡᠦᠬᠡ ᠪᠡᠨ ᠰᠡᠶ᠋ᠢᠯᠦᠭᠰᠡᠨ ᠦᠰᠦᠭ ᠂
ᠬᠣᠶᠠᠷ ᠲᠢᠪ ᠢ ᠬᠣᠯᠪᠣᠭᠰᠠᠨ ᠦᠰᠦᠭ ᠂
ᠬᠣᠷᠸ᠋᠎ᠠ ᠳᠤ ᠬᠣᠣᠰ ᠦᠭᠡᠢ ᠵᠣᠭᠰᠣᠭ᠎ᠠ ᠦᠰᠦᠭ ᠂
ᠮᠣᠩᠭᠣᠯ ᠦᠰᠦᠭ ᠮᠣᠩᠭᠣᠯ ᠦᠰᠦᠭ ᠂
ᠮᠥᠩᠬᠡ ᠲᠡᠭᠷᠢ ᠶ᠋ᠢᠨ ᠲᠤᠯᠭᠤᠷ ᠦᠰᠦᠭ
