ᠪᠢᠴᠢᠬᠠᠨ ᠰᠤᠷᠭᠠᠯ- ᠷ ᠂ ᠴᠣᠢᠨᠣᠮБяцхан сургаал-р , чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠴᠢᠬᠠᠨ ᠰᠤᠷᠭᠠᠯ- ᠷ ᠂ ᠴᠣᠢᠨᠣᠮБяцхан сургаал-р , чойном

ᠪᠢᠴᠢᠬᠠᠨ ᠰᠤᠷᠭᠠᠯ- ᠷ ᠂ ᠴᠣᠢᠨᠣᠮБяцхан сургаал-р , чойном

2023-02-05

495

ᠪᠢᠴᠢᠬᠠᠨ ᠰᠤᠷᠭᠠᠯ- ᠷ ᠂ ᠴᠣᠢᠨᠣᠮ

   ᠷ ᠂ ᠴᠣᠢᠨᠣᠮ

   ᠤᠩᠰᠢᠭᠴᠢ ᠄  ᠣ᠂ ᠪᠠᠲᠤᠰᠦ᠋ᠬᠡ

ᠬᠥᠮᠥᠨ ᠪᠣᠯᠵᠤ ᠲᠦᠷᠦᠭᠰᠡᠨ ᠦ ᠤᠴᠢᠷ ᠴᠢ

ᠬᠥᠮᠥᠨ ᠪᠦᠬᠦᠨ ᠎ᠢ ᠬᠦᠨᠳᠦᠯᠡᠵᠦ ᠶᠠᠪᠤ !

ᠬᠥᠮᠥᠨ ᠡᠴᠡ ᠬᠦᠴᠦᠲᠡᠢ ᠠᠮᠢᠳᠠᠨ ᠡᠨᠡ ᠶᠢᠷᠲᠢᠨᠴᠦ ᠳᠦ ᠦᠭᠡᠢ ᠶᠢᠨ ᠤᠴᠢᠷ

ᠬᠥᠮᠥᠨ ᠡᠴᠡ ᠴᠢ ᠠᠶᠤᠵᠤ ᠂ ᠪᠣᠯᠭᠣᠮᠵᠢᠯᠠᠵᠤ ᠶᠠᠪᠤ !

ᠪᠤᠷᠤᠭᠤ ᠪᠢᠰᠢ ᠂ ᠵᠥᠪ ᠰᠡᠳᠬᠢᠯ ᠲᠠᠢ ᠶᠠᠪᠤᠪᠠᠯ ᠴᠢᠨᠢ

ᠪᠤᠷᠬᠠᠨ ᠪᠤᠰᠤ ᠂ ᠬᠥᠮᠥᠨ ᠴᠢᠮᠠᠶ᠋ᠢ ᠠᠪᠤᠷᠠᠨ᠎ᠠ

ᠪᠣᠯᠵᠣᠵᠤ ᠮᠡᠬᠡᠯᠡᠵᠦ ᠂ ᠬᠣᠷᠣᠨ ᠰᠠᠨᠠᠭᠠᠲᠠᠢ ᠶᠠᠪᠤᠪᠠᠯ ᠴᠢᠨᠢ

ᠪᠣᠭ ᠪᠢᠰᠢ ᠂ ᠬᠥᠮᠥᠨ ᠴᠢᠮᠠᠶ᠋ᠢ ᠠᠯᠠᠨ᠎ᠠ !

ᠴᠠᠴᠠᠨ ᠴᠤ᠌ ᠪᠢᠰᠢ ᠂ ᠲᠡᠨᠡᠭ ᠴᠤ᠌ ᠪᠢᠰᠢ ᠬᠥᠮᠥᠨ ᠦ ᠰᠡᠳᠬᠢᠯ

ᠴᠡᠴᠡᠭᠯᠡᠨ ᠣᠷᠭᠣᠬᠣ ᠳᠠᠭᠠᠨ ᠠᠮᠠᠷᠬᠠᠨ ᠬᠦᠴᠦᠲᠦ ᠬᠥᠷᠥᠰᠥ᠍ ᠶᠤᠮ ᠂

ᠬᠡᠷᠪᠡ ᠴᠢ ᠥᠪᠡᠷ ᠲᠦ ᠬᠡᠷᠡᠭ ᠦᠭᠡᠢ ᠵᠦᠢᠯ  ᠢᠶᠡᠷ ᠴᠤ᠌ ᠭᠡᠰᠡᠨ

ᠬᠡᠨ ᠨᠢᠭᠡᠨ ᠎ᠢ ᠶᠠᠳᠠᠷᠠᠵᠤ ᠶᠠᠪᠤᠬᠤ ᠳ᠋ᠤᠷ ᠪᠠᠶᠠᠷᠯᠠᠭᠤᠯᠤᠭᠰᠠᠨ ᠪᠣᠯ

ᠲᠡᠷᠡ ᠬᠥᠮᠥᠨ ᠦ ᠰᠡᠳᠬᠢᠯ ᠳᠦ ᠴᠢᠨᠦ ᠲᠥᠯᠥᠭᠡ ᠴᠡᠴᠡᠷᠯᠢᠭ ᠣᠷᠭᠣᠵᠣ

ᠲᠡᠷᠲᠡᠭᠡ ᠬᠣᠵᠢᠮ ᠴᠢ ᠦᠷ᠎ᠡ ᠰᠢᠮ᠎ᠡ ᠶᠢ ᠨᠢ ᠠᠮᠰᠠᠬᠤ ᠪᠣᠯᠣᠨ᠎ᠠ !

ᠠᠯᠢᠪᠠ ᠪᠦᠬᠦᠨ ᠂ ᠭᠠᠭᠴᠠᠬᠠᠨ ᠡᠳᠦᠷ ᠢᠶᠡᠷ ᠳᠠᠭᠤᠰᠳᠠᠭ ᠦᠭᠡᠢ

ᠠᠪᠤ ᠶᠢᠨ ᠬᠦᠦ ᠲᠠᠢ ᠭᠠᠭᠴᠠᠬᠠᠨ ᠠᠭᠤᠯᠵᠠᠭᠠᠳ ᠥᠩᠭᠡᠷᠡᠳᠡᠭ ᠦᠭᠡᠢ ᠃

ᠠᠮᠢᠳᠤᠷᠠᠯ ᠤᠨ ᠣᠯᠠᠨ ᠳᠠᠪᠠᠭᠠᠨ ᠤ ᠴᠣᠬᠣᠮ ᠶᠠᠮᠠᠷ ᠣᠷᠣᠢ ᠳᠤ

ᠠᠵᠠ ᠲᠠᠢ ᠪᠤᠶᠤ ᠡᠭᠡᠵᠡᠭ ᠲᠠᠢ ᠲᠠᠭᠠᠷᠠᠯᠳᠤᠬᠤ ᠶᠢ ᠮᠡᠳᠡᠬᠦ ᠳᠦ ᠪᠡᠷᠬᠡ !

ᠵᠣᠷᠪᠣᠰᠬᠠᠨ ᠲᠣᠬᠢᠶᠠᠯ ᠎ᠢ ᠡᠭᠦᠷᠢᠳᠡ ᠦᠯᠦ ᠮᠠᠷᠲᠠᠨ

ᠵᠠᠭᠤᠨ ᠵᠢᠯ ᠦᠨ ᠬᠣᠢᠨ᠎ᠠ ᠴᠤ᠌ ᠭᠠᠷᠭᠠᠵᠤ ᠢᠷᠡᠵᠦ ᠪᠣᠯᠣᠨ᠎ᠠ ᠃

ᠠᠷᠰᠠᠷᠬᠠᠨ ᠶᠠᠭᠤᠮᠠᠨ ᠳᠤ ᠦᠯᠦ ᠬᠠᠢᠬᠤᠷᠤᠨ

ᠠᠶᠠᠭᠦᠢ ᠨᠢᠭᠡᠨ ᠤᠯᠠ ᠮᠥᠷ ᠬᠥᠮᠥᠨ ᠦ ᠰᠡᠳᠬᠢᠯ ᠳᠦ ᠦᠯᠡᠳᠡᠭᠡᠪᠡᠯ

ᠣᠯᠠᠨ ᠵᠢᠯ ᠦᠨ ᠣᠷᠳᠣ ᠳᠤ ᠲᠡᠷᠡ ᠂ ᠴᠢᠨᠦ ᠡᠰᠡᠷᠭᠦ

ᠣᠢ ᠬᠥᠪᠴᠢ ᠪᠣᠯᠳᠠᠯ᠎ᠠ ᠤᠷᠭᠤᠭᠰᠠᠭᠠᠷ ᠶᠠᠪᠤᠨ᠎ᠠ ᠃

ᠢᠷᠪᠠᠭᠠᠷ ᠶᠠᠪᠤᠬᠤ ᠳᠤ ᠪᠠᠨᠬᠡᠷᠬᠢᠭᠰᠡᠨ ᠢᠶᠡᠨ ᠴᠢ ᠮᠠᠷᠲᠠᠨ

ᠶᠠᠳᠠᠷᠠᠬᠤ ᠨᠢᠭᠡᠨ ᠡᠳᠦᠷ ᠢᠶᠡᠨ ᠲᠡᠷᠡ ᠣᠢ ᠳᠤ ᠣᠷᠣᠨ᠎ᠠ

ᠭᠠᠷᠬᠤ ᠭᠠᠵᠠᠷ ᠦᠭᠡᠢ ᠬᠣᠣᠷᠲᠤ ᠰᠢᠷᠢᠡᠭᠬᠢᠨ ᠳᠦ ᠮᠤᠬᠤᠷᠳᠠᠵᠤ

ᠭᠠᠰᠢᠭᠤᠨ ᠪᠡᠷᠬᠡ ᠰᠢᠢᠳᠬᠡᠯ ᠎ᠢ ᠬᠣᠵᠢᠮᠳᠠᠭᠰᠠᠨ ᠬᠣᠢᠨ᠎ᠠ ᠪᠠᠨ ᠠᠮᠰᠠᠨ᠎ᠠ !

ᠬᠥᠷᠥᠩᠭᠡ ᠵᠣᠭᠣᠷᠢ ᠂ ᠨᠡᠷ᠎ᠡ ᠠᠯᠳᠠᠷ ᠂ ᠠᠯᠪᠠᠨ ᠲᠤᠰᠢᠶᠠᠯ

ᠬᠥᠭᠰᠢᠳ ᠦᠨ ᠪᠤᠶᠠᠨ ᠂ ᠵᠠᠯᠠᠭᠤ ᠶᠢᠨ ᠲᠡᠩᠬᠡᠭᠡ ᠂ ᠨᠠᠢᠵᠠ ᠨᠥᠬᠥᠳ

ᠠᠯᠢ ᠨᠢ ᠴᠤ᠌ ᠭᠡᠰᠡᠨ ᠥᠨᠥ᠍ ᠪᠠᠢᠪᠠᠴᠤ ᠮᠠᠷᠭᠠᠠᠰᠢ ᠬᠣᠭᠣᠰᠤᠨ

ᠠᠯᠠᠭ᠎ᠠ ᠲᠠᠷᠣᠮᠬᠠᠨ ᠤᠯᠠᠭᠠᠨ ᠨᠢᠭᠤᠷ ᠯᠠ ᠬᠡᠵᠢᠶ᠎ᠡ ᠴᠤ᠌ ᠬᠡᠪ ᠢᠶᠡᠷ !

ᠳᠠᠢᠰᠤᠨ ᠨᠥᠬᠥᠷ ᠬᠣᠶᠠᠷ ᠤᠨ ᠠᠯᠢ ᠨᠢ ᠴᠤ᠌ ᠭᠡᠰᠡᠨ

ᠳᠠᠩᠳᠠ ᠤᠩᠰᠢᠵᠤ ᠶᠠᠪᠤᠬᠤ ᠠᠮᠢᠳᠤ ᠬᠠᠭᠤᠳᠠᠰᠤ ᠪᠣᠯ

ᠦᠬᠦᠨ ᠦᠬᠦᠲᠡᠯ᠎ᠡ ᠭᠠᠭᠴᠠ  ᠬᠦ᠌ ᠴᠢᠨᠦ ᠨᠢᠭᠤᠷ ᠮᠥᠨ !

ᠡᠭᠦᠨ ᠦ ᠤᠴᠢᠷ ᠂ ᠲᠡᠷᠡ ᠬᠠᠭᠤᠳᠠᠰᠤᠨ ᠳᠤ ᠢᠨᠢᠶᠡᠮᠰᠦᠭᠯᠡᠯ ᠡᠴᠡ ᠤᠭᠡᠷ᠎ᠡ ᠶᠠᠭᠤᠮ᠎ᠠ ᠪᠣᠤ ᠪᠢᠴᠢ !

 

            1975.8.24