ᠴᠡᠷᠢᠭ ᠦᠨ ᠪᠣᠳᠣᠯ- ᠨᠠᠭᠢᠨ᠂ ᠪ ᠣᠭ᠌ᠶᠤЦэргийн- бодолНаагий, Б.Оюу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠷᠢᠭ ᠦᠨ ᠪᠣᠳᠣᠯ- ᠨᠠᠭᠢᠨ᠂ ᠪ ᠣᠭ᠌ᠶᠤЦэргийн- бодолНаагий, Б.Оюу

ᠴᠡᠷᠢᠭ ᠦᠨ ᠪᠣᠳᠣᠯ- ᠨᠠᠭᠢᠨ᠂ ᠪ ᠣᠭ᠌ᠶᠤЦэргийн- бодолНаагий, Б.Оюу

ᠠᠩᠭᠢᠯᠠᠯ:ᠳᠠᠭᠤᠤ ᠬᠥᠭᠵᠢᠮ
2023-02-05

362

ᠴᠡᠷᠢᠭ ᠦᠨ ᠪᠣᠳᠣᠯ

ᠥᠨᠥᠴᠢᠨ ᠳᠡᠷᠡᠨ ᠳᠡᠭᠡᠷ᠎ᠡ ᠨᠣᠢᠷ ᠬᠤᠯᠵᠢᠭᠠᠳ

ᠥᠨᠢ ᠶᠢᠨ ᠢᠷᠡᠭᠡᠳᠦᠢ ᠶᠢ ᠰᠡᠳᠬᠢᠨ ᠪᠠᠢᠬᠤ ᠳᠤ ᠮᠢᠨᠢ

ᠥᠪᠡᠷ ᠦᠨ ᠡᠷᠬᠡ ᠦᠭᠡᠢ ᠴᠢ ᠮᠢᠨᠢ ᠪᠣᠳᠣᠭᠳᠠᠵᠤ

ᠥᠷᠥ ᠵᠢᠷᠦᠬᠡ ᠮᠢᠨᠢ ᠴᠢᠮ᠎ᠠ ᠤᠷᠤᠭᠤ ᠲᠡᠮᠡᠦᠯᠦᠨ᠎ᠡ

 

 ᠳᠠᠬᠢᠯᠲᠠ᠄

ᠴᠡᠷᠢᠭ ᠪᠢ ᠴᠢᠨᠢ ᠢᠩᠭᠢᠵᠦ ᠪᠣᠳᠣᠬᠤ ᠪᠠᠷ

ᠴᠡᠭᠡᠵᠢᠨ ᠳᠣᠲᠣᠷ᠎ᠠ ᠮᠢᠨᠢ ᠭᠠᠯ ᠳᠦᠷᠡᠯᠵᠡᠭᠡᠳ

ᠴᠡᠪᠡᠷ ᠰᠡᠳᠬᠢᠯ ᠦᠨ ᠤᠶᠠᠭᠠᠰᠤ ᠠᠯᠳᠠᠭᠤᠷᠠᠵᠤ

ᠴᠡᠷᠢᠭ ᠦᠨ ᠬᠤᠸᠠᠷᠠᠨ ᠠᠴᠠ ᠴᠢᠮ᠎ᠠ ᠤᠷᠤᠭᠤ ᠲᠡᠮᠡᠦᠯᠦᠨ᠎ᠡ

 

ᠴᠢᠮ᠎ᠠ ᠶᠢ ᠪᠢ ᠰᠠᠨᠠᠨ ᠳᠤᠷᠠᠰᠴᠤ

ᠴᠢᠨᠳᠠᠮᠤᠨᠢ ᠮᠡᠲᠦ ᠪᠡᠷ ᠬᠠᠢᠷᠠᠯᠠᠨ᠎ᠠ ᠭᠡᠳ

ᠬᠡᠨ ᠡᠴᠡ ᠴᠤ᠌ ᠳᠤᠲᠠᠬᠤ ᠦᠭᠡᠢ ᠰᠠᠢᠬᠠᠨ ᠠᠮᠢᠳᠤᠷᠠᠬᠤ

ᠬᠡᠲᠦ ᠶᠢᠨ ᠵᠣᠷᠢᠯᠭ᠎ᠠ ᠨᠠᠳᠠ ᠳᠤ ᠪᠤᠢ ᠰᠢᠦ

 

ᠪᠦᠰᠡᠭᠦᠢ ᠪᠢ ᠴᠢᠨᠢ ᠢᠩᠭᠢᠵᠦ ᠪᠣᠳᠣᠬᠤ ᠪᠠᠷ

ᠪᠦᠯᠢᠶᠡᠨ ᠵᠢᠷᠦᠬᠡ ᠮᠢᠨᠢ ᠤᠶᠠᠷᠠᠨ ᠬᠠᠢᠯᠵᠤ

ᠪᠤᠯᠪᠠᠷᠠᠢ ᠦᠷ᠎ᠡ ᠪᠡᠨ ᠲᠡᠪᠡᠷᠢᠨ ᠮᠢᠰᠢᠶᠡᠭᠰᠡᠭᠡᠷ

ᠪᠦᠪᠡᠢ ᠶᠢᠨ ᠳᠠᠭᠤᠤ ᠪᠠᠨ ᠠᠶᠠᠯᠵᠤ ᠰᠠᠭᠤᠨ᠎ᠠ ᠪᠢ

 

ᠬᠠᠪᠤᠷ ᠤᠨ ᠤᠯᠠᠷᠢᠯ ᠳᠥᠬᠦᠭᠰᠡᠨ ᠴᠤ᠌ ᠶᠤᠮ ᠤᠤ

ᠬᠠᠢᠷᠠᠲᠠᠢ ᠦᠷ᠎ᠡ ᠪᠡᠨ ᠰᠠᠨᠠᠭᠰᠠᠨ ᠴᠤ᠌ ᠶᠤᠮ ᠤᠤ

ᠬᠠᠯᠠᠭᠳᠠᠬᠤ ᠬᠣᠨᠣᠭ ᠮᠢᠨᠢ ᠣᠢᠷᠠᠳᠤᠭᠰᠠᠨ ᠴᠤ᠌ ᠶᠤᠮ ᠤᠤ

ᠬᠠᠷᠢᠬᠤ ᠬᠣᠨᠣᠭ ᠢᠶᠠᠨ ᠲᠣᠭᠠᠯᠠᠵᠤ ᠰᠠᠭᠤᠨ᠎ᠠ ᠪᠢ

 

 ᠳᠠᠬᠢᠯᠲᠠ᠄

 

ᠬᠠᠪᠤᠷ ᠤᠨ ᠤᠯᠠᠷᠢᠯ ᠭᠤᠷᠪᠠᠨᠲᠠ ᠢᠷᠡᠬᠦ ᠳᠦ

ᠬᠠᠢᠷᠠᠲᠠᠢ ᠦᠷ᠎ᠡ ᠴᠢᠨᠢ ᠲᠣᠮᠣ ᠪᠣᠯᠵᠠᠢ

ᠬᠠᠨᠢ ᠶᠢᠨ ᠵᠢᠷᠭᠠᠯ ᠢ ᠡᠷᠬᠡ ᠦᠭᠡᠢ ᠮᠥᠷᠦᠭᠡᠳᠦᠭᠰᠡᠭᠡᠷ

ᠬᠠᠢᠷ᠎ᠠ ᠶᠢᠨ ᠳᠠᠭᠤᠤ ᠪᠠᠨ ᠴᠢᠮ᠎ᠠ ᠳᠤ ᠪᠠᠨ ᠳᠠᠭᠤᠯᠠᠶ᠎ᠠ

 

ᠪᠦᠰᠡᠭᠦᠢ ᠪᠢ ᠴᠢᠨᠢ ᠢᠩᠭᠢᠵᠦ ᠪᠣᠳᠣᠬᠤ ᠪᠠᠷ

ᠪᠦᠯᠢᠶᠡᠨ ᠵᠢᠷᠦᠬᠡ ᠮᠢᠨᠢ ᠤᠶᠠᠷᠠᠨ ᠬᠠᠢᠯᠵᠤ

ᠪᠤᠯᠪᠠᠷᠠᠢ ᠦᠷ᠎ᠡ ᠪᠡᠨ ᠲᠡᠪᠡᠷᠢᠨ ᠮᠢᠰᠢᠶᠡᠭᠰᠡᠭᠡᠷ

ᠪᠦᠪᠡᠢ ᠶᠢᠨ ᠳᠠᠭᠤ ᠪᠠᠨ ᠠᠶᠠᠯᠵᠤ ᠰᠠᠭᠤᠨ᠎ᠠ ᠪᠢ

Цэргийн бодол

Өнчин дэрэн дээр нойр хулжаад

Өнийн ирээдүйг сэтгэн байхад минь

Өөрийн эрхгүй чи минь бодогдож

Өр зүрх минь чам руу тэмүүлнэ

 

ДХ: Цэрэг би чинь ингэж бодохоор

Цээжин дотор минь гал дүрэлзээд

Цэвэр сэтгэлийн уяас алдуурч

Цэргийн хуарангаас чам руу тэмүүлнэ

 

Чамайг би санан дурсаж

Чандмань мэтээр хайрлана гээд

Хэнээс ч дутахгүй сайхан амьдрах

Хэтийн зорилго надад бий шүү

 

Бүсгүй би чинь ингэж бодохоор

Бүлээн зүрх минь уяран хайлж

Булбарай үрээ тэврэн мишээсээр

Бүүвэйн дуугаа аялж сууна би

 

Хаврын улирал дөхсөн ч юм уу

Хайртай үрээ санасан ч юм уу

Халагдах хоног минь ойртсон ч юм уу

Харих хоногоо тоолж сууна би

 

ДХ:

 

Хаврын улирал гурвантаа ирэхэд

Хайртай үр чинь том болжээ

Ханийн жаргалыг эрхгүй мөрөөдсөөр

Хайрын дуугаа чамдаа дуулъя

 

Бүсгүй би чинь ингэж бодохоор

Бүлээн зүрх минь уяран хайлж

Булбарай үрээ тэврэн мишээсээр

Бүүвэйн дуугаа аялж сууна би