ᠰᠠᠢᠨ ᠬᠡᠦᠬᠡᠨ -ᠲᠦᠭᠡᠷСайн хүүхэн-дүгэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠨ ᠬᠡᠦᠬᠡᠨ -ᠲᠦᠭᠡᠷСайн хүүхэн-дүгэр

ᠰᠠᠢᠨ ᠬᠡᠦᠬᠡᠨ -ᠲᠦᠭᠡᠷСайн хүүхэн-дүгэр

ᠠᠩᠭᠢᠯᠠᠯ:ᠳᠠᠭᠤᠤ ᠬᠥᠭᠵᠢᠮ
2023-02-04

323

ᠰᠠᠶ᠋ᠢᠨ ᠬᠡᠦᠬᠡᠨ

       ᠳᠦᠭᠡᠷ ᠳᠠᠭᠤᠯᠠᠨ᠎ᠠ

ᠬᠥᠭᠵᠢᠯᠲᠦ ᠨᠢᠭᠡᠲᠦᠯ ᠦ᠋ᠨ ᠦᠷ᠎ᠡ ᠪᠡᠨ

ᠬᠥᠲᠡᠭᠡ ᠨᠤᠲᠤᠭ ᠲᠠᠭᠠᠨ ᠰᠠᠴᠤᠷᠠᠭᠤᠯᠤᠭᠰᠠᠨ

ᠬᠥᠭᠵᠢᠯᠲᠦ ᠮᠠᠨ ᠪ ᠨᠢᠭᠡᠲᠦᠯ ᠶᠤᠮ ᠡ ᠬᠥ

ᠬᠥᠮᠦᠨ ᠪᠦᠷᠢ ᠳ᠋ᠡᠭᠡᠨ ᠰᠠᠶ᠋ᠢᠰᠢᠶᠠᠭᠲᠠᠭᠰᠠᠨ

ᠠᠶ᠋ᠢᠯ ᠪᠦᠷᠢ ᠳ᠋ᠡᠭᠡᠨ ᠮᠠᠭᠲᠠᠭᠲᠠᠭᠰᠠᠨ

ᠡᠶ᠋ᠢᠮᠦ ᠯᠡ ᠰᠠᠶ᠋ᠢᠨ ᠬᠡᠦᠬᠡᠨ ᠪᠠᠶ᠋ᠢᠵᠠᠢ ᠬᠥ

ᠠᠵᠢᠯ ᠬᠥᠲᠡᠯᠮᠦᠷᠢ ᠬᠢᠬᠦ ᠳ᠋ᠡᠭᠡᠨ

ᠠᠯᠢ ᠴᠤ᠌ ᠵᠠᠯᠠᠭᠤ ᠠ᠋ᠴᠠ ᠬᠣᠴᠣᠷᠲᠠᠭ ᠦᠭᠡᠢ

ᠠᠶ᠋ᠢᠬᠤᠪᠲᠤᠷ ᠱᠠᠯᠠᠮᠠᠭᠠᠢ ᠬᠡᠦᠬᠡᠨ ᠳ᠋ᠠ ᠬᠥ

ᠨᠠᠮᠤᠷ ᠦ᠋ᠨ ᠶ᠋ᠢᠠᠨ ᠨᠣᠣᠰᠣᠨ ᠪ ᠦᠶ᠎ᠡ  ᠳᠦ

ᠪᠢ ᠲᠡᠭᠦᠨ ᠲᠡᠢ ᠣᠷᠣᠯᠲᠣᠭᠠᠳ

ᠶᠠᠭᠠᠬᠢᠬᠰᠠᠨ ᠴᠤ᠌ ᠲᠡᠭᠦᠨ ᠊ᠢ ᠳᠡᠶ᠋ᠢᠯᠦᠭᠰᠡᠨ ᠦᠭᠡᠢ ᠬᠥ

ᠠᠵᠢᠯ ᠦ᠋ᠨ ᠴᠢᠯᠥᠭᠡᠨ ᠪ ᠰᠤᠷᠭᠠᠭᠤᠯᠢ ᠳ᠋ᠠᠭᠠᠨ

ᠵᠢᠱ᠌ᠢᠶᠡᠴᠢ ᠶᠤᠮ ᠰᠢᠦ ᠲᠡᠷᠡ ᠬᠡᠦᠬᠡᠨ

ᠣᠨᠴᠠᠭᠠᠢ ᠴᠢᠷᠮᠠᠶ᠋ᠢᠨ ᠰᠤᠷᠤᠯᠴᠠᠲᠠᠭ ᠶᠤᠮ ᠡ ᠬᠥ

ᠡᠪᠦᠯ ᠦ᠋ᠨ ᠶ᠋ᠢᠡᠨ ᠰᠢᠯᠭᠠᠯᠲᠠ  ᠳᠦ

ᠪᠢ ᠲᠡᠭᠦᠨ ᠡᠴᠡ ᠬᠣᠴᠣᠷᠴᠢᠬᠠᠭᠠᠳ

ᠠᠶ᠎ᠠ ᠂ ᠴᠢᠷᠠᠢ ᠮᠢᠨᠢ ᠤᠯᠠᠶ᠋ᠢᠬᠰᠠᠨ ᠭᠡᠵᠦ ᠡ ᠬᠥ

ᠭᠠᠯ ᠵᠠᠯᠠᠭᠤ ᠨᠠᠰᠤ ᠪᠠᠶ᠋ᠢᠨ᠎ᠠ

ᠭᠠᠩ ᠪᠣᠯᠣᠳ ᠦ᠋ᠨ ᠵᠣᠷᠢᠬ ᠲᠠᠢ ᠪᠢ

ᠭᠠᠷᠲᠠᠵᠤ ᠶᠠᠭᠠᠬᠢᠬᠰᠠᠨ ᠴᠤ᠌ ᠬᠣᠴᠣᠷᠬᠤ ᠦᠭᠡᠢ ᠳ᠋ᠠ ᠬᠥ

ᠭᠠᠷᠮᠠᠭᠠᠢ ᠪᠠᠷ ᠬᠥᠲᠡᠯᠮᠦᠷᠢᠯᠡᠭᠡᠳ

ᠳᠠᠬᠢᠵᠤ ᠲᠡᠭᠦᠨ ᠲᠡᠢ ᠣᠷᠣᠯᠲᠣᠭᠠᠳ

ᠭᠠᠶ᠋ᠢᠭᠤᠢ ᠮᠡᠷᠡᠶ᠋ᠢᠭᠡᠳ ᠮᠠᠩᠯᠠᠶ᠋ᠢᠯᠠᠵᠤ ᠶᠠᠪᠤᠶ᠎ᠠ ᠳ᠋ᠠ ᠬᠥ

ᠭᠠᠶ᠋ᠢᠭᠤᠢ ᠮᠡᠷᠡᠶ᠋ᠢᠭᠡᠳ ᠮᠠᠩᠯᠠᠶ᠋ᠢᠯᠠᠵᠤ ᠭᠠᠷᠤᠶ᠎ᠠ ᠳ᠋ᠠ ᠬᠥ