ᠨᠤᠲᠤᠭ ᠪᠤᠴᠠᠬᠤ ᠲᠡᠮᠡᠭᠡᠳ- ᠴᠡᠪᠡᠷᠴᠡᠴᠡᠭНутаг буцах тэмээд-цэвэрцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠪᠤᠴᠠᠬᠤ ᠲᠡᠮᠡᠭᠡᠳ- ᠴᠡᠪᠡᠷᠴᠡᠴᠡᠭНутаг буцах тэмээд-цэвэрцэцэг

ᠨᠤᠲᠤᠭ ᠪᠤᠴᠠᠬᠤ ᠲᠡᠮᠡᠭᠡᠳ- ᠴᠡᠪᠡᠷᠴᠡᠴᠡᠭНутаг буцах тэмээд-цэвэрцэцэг

ᠠᠩᠭᠢᠯᠠᠯ:ᠳᠠᠭᠤᠤ ᠬᠥᠭᠵᠢᠮ
2023-02-04

440

ᠨᠤᠲᠤᠭ ᠪᠤᠴᠠᠬᠤ ᠲᠡᠮᠡᠭᠡᠳ


 ᠰᠢᠯᠦᠭ ᠄ ᠶᠣ᠋ · ᠡᠷᠳᠡᠨᠢᠲᠣᠭᠲᠠᠬᠤ 
 ᠬᠥᠭᠵᠢᠮ ᠄ ᠬ · ᠰᠡᠴᠡᠨᠲᠦ 
 ᠳᠠᠭᠤᠴᠢᠨ ᠄ ᠴᠡᠪᠡᠷᠴᠡᠴᠡᠭ 

ᠰᠥᠮᠡᠰ ᠰᠥᠮᠡᠰ ᠵᠡᠷᠭᠡᠯᠭᠡ ᠬᠦᠪᠦᠷᠡᠭᠦᠯᠦᠨ 
ᠰᠥᠨᠳᠡᠰ ᠰᠥᠨᠳᠡᠰ ᠲᠡᠮᠡᠭᠡᠳ ᠠᠯᠬᠤᠯᠠᠨ᠎ᠠ 
ᠰᠦᠷ ᠬᠣᠯᠠ ᠡᠴᠡ ᠮᠥᠷᠥᠭᠡᠳᠦᠯ ᠠᠴᠢᠭᠠᠳ 
ᠰᠦᠵᠢᠷᠡᠨ ᠰᠦᠵᠢᠷᠡᠨ ᠨᠤᠲᠤᠭ ‍ᠢᠶ᠋ᠠᠨ ᠰᠠᠨᠠᠨ᠎ᠠ 

ᠨᠠᠢᠭᠤᠰ ᠨᠠᠢᠭᠤᠰ ᠵᠡᠷᠭᠡᠯᠭᠡ ᠬᠥᠪᠦᠯᠵᠡᠭᠦᠯᠦᠭᠡᠳ 
ᠨᠡᠮᠦᠰ ᠨᠡᠮᠦᠰ ᠲᠡᠮᠡᠭᠡᠳ ᠲᠡᠰᠢᠨ᠎ᠡ 
ᠪᠦᠬᠦᠨ ᠳᠡᠭᠡᠷ᠎ᠡ ᠪᠡᠨ ᠨᠠᠷᠠ ᠪᠦᠪᠡᠢᠯᠡᠨ
ᠪᠦᠷᠢᠳᠦᠨ ᠰᠢᠷᠭᠠᠯ ᠭᠣᠪᠢ ᠪᠠᠨ ᠵᠣᠷᠢᠨ᠎ᠠ

ᠨᠤᠲᠤᠭ ᠪᠤᠴᠠᠬᠤ ᠲᠡᠮᠡᠭᠡᠳ ᠦ᠋ᠨ ᠮᠢᠨᠢ ᠨᠢᠯᠪᠤᠰᠤ
ᠨᠠᠮᠤᠷ ᠤ᠋ᠨ ᠰᠥᠨᠢ ᠶ᠋ᠢᠨ ᠵᠡᠭᠦᠳᠦᠨ ᠳ᠋ᠦ᠍ ᠤᠨᠠᠨ᠎ᠠ
ᠮᠥᠩᠭᠥᠨ ᠪᠣᠢᠯᠠᠭ᠎ᠠ ᠶ᠋ᠢ ᠨᠢ ᠦᠭᠡᠢᠯᠡᠨ ᠵᠠᠩᠭᠢᠷᠠᠭᠰᠠᠨ
ᠮᠣᠷᠢᠨ ᠬᠤᠭᠤᠷ ᠤ᠋ᠨ ᠡᠭᠡᠰᠢᠭ ᠲᠠᠢᠳᠬᠤᠷᠠᠨ᠎ᠠ

ᠦᠶᠡᠰ ᠦᠶᠡᠰ ᠵᠡᠷᠭᠡᠯᠭᠡ ᠬᠣᠯᠠᠳᠠᠭᠤᠯᠤᠨ
ᠥᠨᠳᠡᠰ ᠥᠨᠳᠡᠰ ᠲᠡᠮᠡᠭᠡᠳ ᠣᠢᠷᠠᠲᠤᠨ᠎ᠠ
ᠤᠶᠠᠩᠭᠠᠷᠠᠨ ᠴᠠᠯᠭᠢᠬᠤ ᠪᠦᠷᠢᠳᠦ ᠶ᠋ᠢᠨ ‍ᠢᠶ᠋ᠡᠨ ᠴᠢᠮᠡᠭᠡ ᠪᠡᠷ
ᠣᠮᠣᠭᠣᠯᠲᠤᠨ ᠬᠠᠳᠠᠭᠰᠠᠨ ᠮᠥᠷᠥᠭᠡᠳᠦᠯ ᠨᠢ ᠴᠢᠭᠢᠭᠷᠡᠨ᠎ᠡ

ᠨᠤᠲᠤᠭ ᠪᠤᠴᠠᠬᠤ ᠲᠡᠮᠡᠭᠡᠳ ᠦ᠋ᠨ ᠮᠢᠨᠢ ᠨᠢᠯᠪᠤᠰᠤ
ᠨᠠᠮᠤᠷ ᠤ᠋ᠨ ᠰᠥᠨᠢ ᠶ᠋ᠢᠨ ᠵᠡᠭᠦᠳᠦᠨ ᠳ᠋ᠦ᠍ ᠤᠨᠠᠨ᠎ᠠ
ᠮᠥᠩᠭᠥᠨ ᠪᠣᠢᠯᠠᠭ᠎ᠠ ᠶ᠋ᠢ ᠨᠢ ᠦᠭᠡᠢᠯᠡᠨ ᠵᠠᠩᠭᠢᠷᠠᠭᠰᠠᠨ
ᠮᠣᠷᠢᠨ ᠬᠤᠭᠤᠷ ᠤ᠋ᠨ ᠡᠭᠡᠰᠢᠭ ᠲᠠᠢᠳᠬᠤᠷᠠᠨ᠎ᠠ