ᠮᠢᠨᠦ ᠠᠷᠠᠳ ᠤᠨ ᠰᠡᠳᠬᠢᠯ ᠴᠠᠭᠠᠨ- ᠪᠠᠨᠽᠠᠷᠠᠭᠴᠢМиний ардын сэтгэл цагаан-банзрагч ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠠᠷᠠᠳ ᠤᠨ ᠰᠡᠳᠬᠢᠯ ᠴᠠᠭᠠᠨ- ᠪᠠᠨᠽᠠᠷᠠᠭᠴᠢМиний ардын сэтгэл цагаан-банзрагч

ᠮᠢᠨᠦ ᠠᠷᠠᠳ ᠤᠨ ᠰᠡᠳᠬᠢᠯ ᠴᠠᠭᠠᠨ- ᠪᠠᠨᠽᠠᠷᠠᠭᠴᠢМиний ардын сэтгэл цагаан-банзрагч

ᠠᠩᠭᠢᠯᠠᠯ:ᠳᠠᠭᠤᠤ ᠬᠥᠭᠵᠢᠮ
2023-02-03

386

ᠮᠢᠨᠦ ᠠᠷᠠᠳ ᠤᠨ ᠰᠡᠳᠬᠢᠯ ᠴᠠᠭᠠᠨ

    ᠪᠤᠷᠮ᠎ᠠ ᠂ ᠮᠥᠩᠬᠡᠪᠠᠲᠤ

    ᠪᠠᠨᠽᠠᠷᠠᠭᠴᠢ ᠳᠠᠭᠤᠯᠠᠨ᠎ᠠ

ᠮᠢᠨᠦ ᠠᠷᠠᠳ ᠤᠨ ᠰᠡᠳᠬᠢᠯ ᠴᠠᠭᠠᠨ

ᠮᠢᠰᠢᠶᠡᠬᠦ ᠴᠢᠷᠠᠢ ᠨᠢ ᠢᠲᠡᠭᠡᠯ ᠳᠦᠭᠦᠷᠡᠩ

ᠮᠥᠩᠬᠡ ᠲᠩᠷᠢ ᠶᠢᠨ ᠥᠩᠭᠡ ᠨᠢ ᠴᠡᠩᠬᠡᠷ

ᠮᠥᠷᠡᠨ ᠭᠣᠣᠯ ᠤᠨ ᠤᠰᠤ ᠨᠢ ᠴᠡᠩᠬᠡᠭ

ᠮᠥᠩᠬᠡ ᠲᠩᠷᠢ ᠶᠢᠨ ᠥᠩᠭᠡ ᠨᠢ ᠴᠡᠩᠬᠡᠷ

ᠮᠥᠷᠡᠨ ᠭᠣᠣᠯ ᠤᠨ ᠤᠰᠤ ᠨᠢ ᠴᠡᠩᠬᠡᠭ

 

ᠮᠢᠨᠦ ᠠᠷᠠᠳ ᠤᠨ ᠵᠠᠩ ᠨᠢ ᠰᠢᠯᠤᠭᠤᠨ

ᠮᠡᠨᠳᠦᠯᠡᠨ ᠵᠣᠯᠭᠠᠬᠤ ᠶᠣᠰᠣ ᠨᠢ ᠠᠷᠢᠭᠤᠨ

ᠲᠠᠯ᠎ᠠ᠎ ᠶᠢᠨ ᠰᠠᠯᠬᠢᠨ ᠤ ᠦᠵᠦᠭᠦᠷ ᠨᠢ ᠵᠥᠭᠡᠯᠡᠨ

ᠳᠠᠭᠠᠨ᠎ᠠ ᠮᠠᠩᠭᠢᠷ ᠤᠨ ᠦᠨᠦᠷ ᠠᠩᠬᠢᠯᠤᠮ᠎ᠠ

ᠲᠠᠯ᠎ᠠ᠎ ᠶᠢᠨ ᠰᠠᠯᠬᠢᠨ ᠤ ᠦᠵᠦᠭᠦᠷ ᠨᠢ ᠵᠥᠭᠡᠯᠡᠨ

ᠳᠠᠭᠠᠨ᠎ᠠ ᠮᠠᠩᠭᠢᠷ ᠤᠨ ᠦᠨᠦᠷ ᠠᠩᠬᠢᠯᠤᠮ᠎ᠠ

 

ᠮᠢᠨᠦ ᠠᠷᠠᠳ ᠤᠨ ᠦᠢᠯᠡᠰ ᠨᠢ ᠥᠷᠨᠢᠭᠦᠨ

ᠮᠡᠳᠬᠡᠨ ᠵᠣᠷᠴᠢᠬᠤ ᠵᠠᠮ ᠨᠢ ᠰᠢᠯᠤᠭᠤᠨ

ᠠᠭᠤᠯᠠᠰ ᠬᠠᠩᠭᠠᠢ ᠶᠢᠨ ᠪᠠᠷ᠎ᠠ ᠨᠢ ᠵᠦᠮᠪᠦᠷ

ᠡᠭᠦᠯᠡᠰ ᠬᠣᠨᠣᠭᠯᠠᠬᠤ ᠣᠷᠤᠢ ᠨᠢ ᠰᠦᠮᠪᠦᠷ

ᠠᠭᠤᠯᠠᠰ ᠬᠠᠩᠭᠠᠢ ᠶᠢᠨ ᠪᠠᠷ᠎ᠠ ᠨᠢ ᠵᠦᠮᠪᠦᠷ

ᠡᠭᠦᠯᠡᠰ ᠬᠣᠨᠣᠭᠯᠠᠬᠤ ᠣᠷᠤᠢ ᠨᠢ ᠰᠦᠮᠪᠦᠷ

 

ᠮᠥᠩᠬᠡ ᠲᠩᠷᠢ ᠶᠢᠨ ᠥᠩᠭᠡ ᠨᠢ ᠴᠡᠩᠬᠡᠷ

ᠮᠢᠨᠦ ᠠᠷᠠᠳ ᠤᠨ ᠰᠡᠳᠬᠢᠯ ᠴᠠᠭᠠᠨ