ᠭᠤᠯᠤᠮᠳᠠ- ᠮ ·ᠬᠥᠬᠡᠬᠦᠦ Голомт-м ·хөххүү ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠯᠤᠮᠳᠠ- ᠮ ·ᠬᠥᠬᠡᠬᠦᠦ Голомт-м ·хөххүү

ᠭᠤᠯᠤᠮᠳᠠ- ᠮ ·ᠬᠥᠬᠡᠬᠦᠦ Голомт-м ·хөххүү

2023-02-02

387

ᠭᠤᠯᠤᠮᠳᠠ

         ᠮ ·ᠬᠥᠬᠡᠬᠦᠦ 

ᠭᠤᠯᠤᠮᠳᠠ ᠭᠤᠯᠤᠮᠳᠠ ᠭᠠᠯ ᠦ᠋ᠨ ᠤᠬᠠᠮᠰᠠᠷ

ᠭᠤᠷᠪᠠᠨ ᠲᠦᠮᠡᠨ ᠤᠨ ᠪ ᠡᠬᠢ ᠤᠬᠠᠮᠰᠠᠷ

ᠭᠤᠢᠪᠢᠰᠢ ᠦᠭᠡᠢ ᠵᠢᠷᠦᠬᠡᠨ ᠤᠬᠠᠮᠰᠠᠷ

ᠭᠤᠳᠤᠷᠠᠰᠢ ᠦᠭᠡᠢ ᠮᠤᠷᠢᠳᠤ ᠤᠬᠠᠮᠰᠠᠷ

ᠰᠢᠷ ‍ᠠ᠋ ᠠᠷᠭᠠᠯ ᠰᠢᠭ᠋ ᠬᠦᠪᠴᠦ ᠤᠳᠤᠰᠢ ᠦᠭᠡᠢ

ᠰᠢᠵᠢᠷ ᠠᠯᠳᠠ ᠰᠢᠭ᠋ ᠲᠤᠨᠤᠵᠤ ᠦᠯᠡᠳᠡᠳᠡᠭ

ᠰᠢᠪᠠᠷ ᠲᠦ ᠮᠠᠭᠤ ᠮᠤᠳᠤᠨ ᠬᠦᠷᠵᠡ ᠪᠤᠰᠤ

ᠰᠢᠨᠳᠠᠰᠤ ᠢᠷᠯᠡᠭᠰᠡᠨ ᠮᠤᠷᠢᠨ ᠰᠡᠯᠡᠮ ‍ᠠ᠋

ᠬᠦᠪᠴᠢᠨ ᠳ᠋ᠡᠭᠡᠨ ᠲᠡᠯᠡᠭᠰᠡᠨ ᠰᠤᠮᠤᠨ ᠦᠵᠦᠭᠦᠷ

ᠬᠦᠮᠦᠬᠡᠢ ᠳ᠋ᠡᠭᠡᠨ ᠵᠠᠭᠤᠭᠰᠠᠨ ᠡᠷ ‍ᠠ᠋ ᠲᠠᠩᠭᠠᠷᠢᠭ

ᠮᠠᠨᠠᠵᠤ ᠬᠤᠨᠤᠳᠠᠭ ᠮᠦᠩᠬᠡ ᠭᠠᠯ

ᠮᠠᠷᠭᠠᠰᠢ ᠨᠢ ᠬᠦᠭᠵᠢᠭᠡᠳᠡᠭ ᠡᠵᠢ ᠢᠪᠡᠭᠡᠯ

ᠡᠬᠡ ᠪᠤᠯᠤᠭᠰᠠᠨ ᠬᠡᠯᠡ ᠮᠦᠩᠬᠡ

ᠡᠰᠡᠨᠢᠯ ᠲᠦᠷᠡᠯᠵᠡᠳᠡᠭ ᠭᠤᠯᠤᠮᠳᠠ ᠮᠦᠩᠬᠡ

ᠬᠤᠷᠤᠢ ᠬᠤᠷᠤᠢ ᠬᠤᠷᠤᠢ