ᠪᠢ ᠨᠢᠰᠬᠦ ᠳᠤᠷᠠᠲᠠᠢ- ᠨᠣᠮᠢᠨ ᠲᠠᠯᠠᠰᠲᠤ ᠬᠠᠮᠲᠤᠯᠢᠬБи нисэх дуртай-номин талст хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠨᠢᠰᠬᠦ ᠳᠤᠷᠠᠲᠠᠢ- ᠨᠣᠮᠢᠨ ᠲᠠᠯᠠᠰᠲᠤ ᠬᠠᠮᠲᠤᠯᠢᠬБи нисэх дуртай-номин талст хамтлаг

ᠪᠢ ᠨᠢᠰᠬᠦ ᠳᠤᠷᠠᠲᠠᠢ- ᠨᠣᠮᠢᠨ ᠲᠠᠯᠠᠰᠲᠤ ᠬᠠᠮᠲᠤᠯᠢᠬБи нисэх дуртай-номин талст хамтлаг

ᠠᠩᠭᠢᠯᠠᠯ:ᠳᠠᠭᠤᠤ ᠬᠥᠭᠵᠢᠮ
2023-02-02

325

ᠪᠢ ᠨᠢᠰᠬᠦ ᠳᠤᠷᠠᠲᠠᠢ

   ᠦᠭᠡ ᠠᠶ᠎ᠠ ᠄ ᠨᠣᠮᠢᠨ ᠲᠠᠯᠠᠰᠲᠤ ᠬᠠᠮᠲᠤᠯᠢᠬ

ᠬᠡᠨ ‍ᠦ ᠴᠦ᠍ ᠣᠴᠢᠭ᠎ᠠ ᠦᠭᠡᠢ ᠠᠯᠤᠰ ‍ᠤᠨ ᠠᠯᠤᠰ ᠲᠦ

ᠬᠡᠨ ‍ᠦ ᠴᠦ᠍ ᠬᠦᠷᠦᠭᠡ ᠦᠭᠡᠢ ᠥᠨᠳᠥᠷ ᠎ᠡᠴᠡ ᠥᠨᠳᠥᠷ ᠲᠤ

ᠬᠦᠰᠡᠯ ᠮᠥᠷᠥᠭᠡᠳᠦᠯ ‍ᠢᠶ᠋ᠡᠨ ᠵᠢᠭᠦᠷᠯᠡᠨ ᠨᠢᠰᠴᠦ ᠪᠢ ᠣᠴᠢᠮᠠᠷ ᠪᠠᠶ᠋ᠢᠨ᠎ᠠ

ᠬᠥᠮᠦᠨ ‍ᠦ ᠬᠦᠰᠡᠯ ᠬᠠᠮᠢᠭ᠎ᠠ ᠨᠢ ᠬᠦᠷᠳᠡᠭ ‍ᠢ

ᠬᠦᠰᠡᠭᠰᠡᠨ ᠪᠦᠬᠦᠨ ᠬᠠᠮᠢᠭᠠᠰᠢ ᠎ᠪᠠᠨ ᠣᠴᠢᠬᠤ ‍ᠶ᠋ᠢ

ᠬᠡᠨ ᠨᠢᠭᠡ ᠨᠢ ᠨᠠᠳᠠ ‍ᠳᠤ ᠬᠡᠯᠡᠭᠡᠳ ᠥᠭᠭᠦᠭᠡᠴᠢ

ᠪᠢ ᠦᠵᠡᠮᠡᠷ ᠪᠠᠶ᠋ᠢᠨ᠎ᠠ

 

ᠬᠥᠬᠡᠷᠡᠬᠦ ᠲᠩᠷᠢ ‍ᠶ᠋ᠢᠨ ᠳᠣᠣᠷ᠎ᠠ

ᠬᠦᠪᠦᠷᠡᠬᠦ ᠡᠭᠦᠯᠡᠰ ‍ᠦᠨ ᠳᠡᠭᠡᠷ᠎ᠡ

ᠬᠥᠮᠦᠨ ‍ᠦ ᠬᠦᠰᠡᠯ ‍ᠦᠨ ᠣᠷᠭᠢᠯ ᠤᠷᠤᠭᠤ

ᠪᠢ ᠨᠢᠰᠦᠮᠡᠷ ᠪᠠᠶ᠋ᠢᠨ᠎ᠠ

ᠪᠢ ᠨᠢᠰᠬᠦ ᠳᠤᠷᠠᠲᠠᠢ

ᠮᠥᠷᠥᠭᠡᠳᠬᠦ ᠴᠦ᠍ ᠳᠤᠷᠠᠲᠠᠢ

ᠬᠡᠨ ‍ᠦ ᠴᠦ᠍ ᠬᠦᠷᠦᠭᠡ ᠦᠭᠡᠢ ᠥᠨᠳᠥᠷ ᠎ᠡᠴᠡ ᠥᠨᠳᠥᠷ ᠲᠤ

ᠨᠢᠰᠬᠦ ᠳᠤᠷᠠᠲᠠᠢ

ᠪᠢ ᠨᠢᠰᠬᠦ ᠳᠤᠷᠠᠲᠠᠢ

ᠮᠥᠷᠥᠭᠡᠳᠬᠦ ᠴᠦ᠍ ᠳᠤᠷᠠᠲᠠᠢ

ᠬᠡᠨ ‍ᠦ ᠴᠦ᠍ ᠣᠴᠢᠭ᠎ᠠ ᠦᠭᠡᠢ ᠠᠯᠤᠰ ‍ᠤᠨ ᠠᠯᠤᠰ ᠲᠦ

ᠠᠶᠠᠯᠠᠬᠤ ᠳᠤᠷᠠᠲᠠᠢ

 

ᠳᠠᠯᠠᠢ ᠮᠡᠲᠦ ᠬᠦᠰᠡᠯ ‍ᠦᠨ ᠣᠷᠭᠢᠯ ᠳᠡᠭᠡᠷ᠎ᠡ

ᠳᠡᠷᠭᠡᠳᠡ ᠎ᠡᠴᠡ ᠭᠡᠷᠡᠯᠲᠦᠬᠦ ᠨᠠᠷᠠᠨ ‍ᠤ ᠬᠠᠵᠠᠭᠤ ‍ᠳᠤ

ᠬᠠᠶ᠋ᠢᠷ᠎ᠠ ᠰᠡᠳᠬᠢᠯ ᠳᠠᠭᠤᠤ ᠬᠤᠭᠤᠷ ‍ᠢᠶ᠋ᠠᠨ ᠪᠢ ᠳᠠᠭᠤᠯᠠᠮᠠᠷ ᠪᠠᠶ᠋ᠢᠨ᠎ᠠ

     ᠳᠠᠬᠢᠯᠲᠠ