ᠪᠡᠯᠭᠡᠳᠡᠯ ᠤᠨ ᠳᠡᠭᠡᠳᠦ ᠬᠠᠳᠠᠭ- ᠪᠣᠷᠤᠬᠦᠦ ᠶ᠋ᠢᠨ ᠠᠨᠠᠷБэлгэдлийн дээд хадаг-борхүүгийн анар
ᠪᠡᠯᠭᠡᠳᠡᠯ ᠤᠨ ᠳᠡᠭᠡᠳᠦ ᠬᠠᠳᠠᠭ
ᠦᠭᠡ ᠄ ᠰᠠᠮᠲᠠᠨᠪᠠᠽᠠᠷ
ᠠᠶ᠎ᠠ ᠄ ᠨ ᠂
ᠴᠢᠯᠭᠤᠨᠬᠦᠦ
ᠳᠠᠭᠤᠴᠢᠨ ᠄
ᠪᠣᠷᠤᠬᠦᠦ ᠶ᠋ᠢᠨ ᠠᠨᠠᠷ
ᠴᠡᠯ ᠪᠤᠭᠤᠷᠤᠯ ᠡᠵᠢ ᠶ᠋ᠢᠨ ᠮᠢᠨᠢ
ᠰᠠᠴᠤᠯᠢ ᠶ᠋ᠢᠨ ᠡᠰᠢ ᠨᠢ ᠬᠠᠳᠠᠭ ᠲᠠᠢ ᠯᠡ ᠪᠠᠶ᠋ᠢᠳᠠᠭ
ᠬᠤᠷᠳᠤᠨ ᠬᠦᠯᠦᠭ ᠦ᠋ᠳ ᠦ᠋ᠨ ᠬᠥᠯᠥᠰᠥ ᠰᠢᠩᠭᠡᠭᠰᠡᠨ
ᠬᠤᠰᠤᠭᠤᠷ ᠦ᠋ᠨ ᠡᠰᠢ ᠨᠢ ᠴᠤ᠌ ᠬᠠᠳᠠᠭ ᠲᠠᠢ ᠯᠡ ᠪᠠᠶ᠋ᠢᠳᠠᠭ
ᠲᠠ ᠪᠢᠳᠡᠨ ᠪ ᠦᠢᠯᠡᠰ ᠪᠤᠶᠠᠨ ᠢ ᠲᠡᠭᠰᠢᠯᠡᠭᠰᠡᠨ
ᠲᠠᠪᠤᠨ ᠥᠩᠭᠡ ᠶ᠋ᠢᠨ ᠬᠠᠳᠠᠭ ᠶ᠋ᠢᠠᠨ ᠳᠡᠯᠭᠡᠶ᠎ᠡ
ᠠᠵᠠᠢ ᠪᠤᠭᠤᠷᠤᠯ ᠶ᠋ᠢᠠᠨ ᠳᠡᠭᠡᠳᠦᠯᠡᠭᠡᠳ
ᠠᠮᠤᠷ ᠊ᠢ ᠨᠢ ᠡᠷᠢᠵᠦ ᠬᠠᠳᠠᠭ ᠲᠠᠢ ᠵᠣᠯᠭᠠᠳᠠᠭ ᠡ
ᠠᠪᠤ ᠡᠵᠢ ᠶ᠋ᠢᠨ ᠠᠷᠢᠭᠤᠨ ᠰᠢᠲᠦᠭᠡᠨ ᠳᠤ ᠨᠢ
ᠠᠰᠢᠳᠠᠶ᠋ᠢ ᠪᠡᠯᠭᠡᠳᠡᠨ ᠬᠠᠳᠠᠭ ᠲᠡᠢ ᠯᠡ ᠮᠥᠷᠭᠥᠳᠡᠭ
ᠳᠡᠯᠡᠬᠡᠢ ᠳ᠋ᠦ᠍ ᠴᠤᠤ ᠲᠠᠢ ᠬᠤᠭᠤᠷ ᠦ᠋ᠨ ᠮᠢᠨᠢ
ᠲᠣᠯᠣᠭᠠᠢ ᠳᠤ
ᠳᠡᠷᠪᠡᠨ ᠨᠠᠮᠢᠷᠠᠬᠤ ᠬᠠᠳᠠᠭ ᠶ᠋ᠢᠠᠨ ᠳᠡᠯᠭᠡᠶ᠎ᠡ
ᠠᠬᠤᠢ ᠲᠥᠷᠥ ᠶ᠋ᠢᠨ ᠲᠠᠮᠠᠭ᠎ᠠ ᠨᠢ
ᠠᠨᠠᠢ ᠯᠠ ᠪᠠᠰᠠ ᠬᠠᠳᠠᠭ ᠲᠠᠢ ᠵᠠᠯᠠᠷᠠᠳᠠᠭ
ᠶ᠋ᠢᠡᠷ
ᠳᠡᠭᠡᠳᠦ ᠲᠡᠭᠷᠢ ᠶ᠋ᠢᠨ ᠥᠩᠭᠡ ᠲᠡᠢ ᠬᠠᠳᠠᠭ
ᠶ᠋ᠢᠠᠨ
ᠳᠡᠯᠭᠡᠵᠦ ᠪᠠᠶ᠋ᠢᠭᠠᠳ ᠬᠦᠰᠡᠯ ᠶ᠋ᠢᠡᠨ ᠰᠢᠪᠡᠨᠡᠶ᠎ᠡ
ᠳ᠋ᠡ
ᠲᠠ ᠪᠢᠳᠡᠨ ᠪ ᠦᠢᠯᠡᠰ ᠪᠤᠶᠠᠨ ᠊ᠢ ᠲᠡᠭᠰᠢᠯᠡᠭᠰᠡᠨ
ᠲᠠᠪᠤᠨ ᠥᠩᠭᠡ ᠶ᠋ᠢᠨ ᠬᠠᠳᠠᠭ ᠶ᠋ᠢᠠᠨ ᠳᠡᠯᠭᠡᠶ᠎ᠡ
ᠳᠡᠯᠡᠬᠡᠢ ᠳ᠋ᠦ᠍ ᠴᠤᠤ ᠲᠠᠢ ᠬᠤᠭᠤᠷ ᠦ᠋ᠨ ᠮᠢᠨᠢ
ᠲᠣᠯᠣᠭᠠᠢ ᠳ᠋ᠤ᠌
ᠳᠡᠷᠪᠡᠨ ᠨᠠᠮᠢᠷᠠᠬᠤ ᠬᠠᠳᠠᠭ ᠶ᠋ᠢᠠᠨ ᠳᠡᠭᠡᠳᠦᠯᠡᠶ᠎ᠡ
ᠳᠡᠷᠪᠡᠨ ᠨᠠᠮᠢᠷᠠᠬᠤ ᠬᠠᠳᠠᠭ ᠶ᠋ᠢᠠᠨ ᠳᠡᠭᠡᠳᠦᠯᠡᠶ᠎ᠡ
