ᠮᠣᠩᠭᠣᠯ ᠦᠰᠦᠭ ᠶ᠋ᠢᠨᠷ ᠴᠠᠬᠢᠮ ᠰᠦᠯᠵᠢᠶᠡᠨ ᠳᠡᠭᠡᠷ᠎ᠡ ᠬᠠᠢᠬᠤ ᠠᠷᠭ᠎ᠠмонгол үсгээр цахим сүлжээн дээр хайх арга
ᠮᠣᠩᠭᠣᠯ ᠦᠰᠦᠭ ᠢ᠋ᠶ᠋ᠡᠷ ᠴᠠᠬᠢᠮ ᠰᠦᠯᠵᠢᠶᠡᠨ ᠳᠡᠭᠡᠷ᠎ᠡ ᠶᠠᠮᠠᠷ ᠨᠢᠭᠡᠨ ᠪᠢᠴᠢᠭ ᠮᠠᠲ᠋ᠧᠷᠢᠶᠠᠯ ᠢ᠋ ᠴᠢᠯᠥᠭᠡᠲᠡᠢ ᠡᠷᠢᠵᠦ ᠬᠠᠢᠵᠤ ᠳᠡᠢᠯᠳᠡᠭ᠃ ᠭᠡᠪᠡᠴᠦ Baidu ᠮᠡᠲᠦ ᠬᠥᠲᠥᠴᠢ ᠳᠡᠭᠡᠷ᠎ᠡ ᠮᠣᠩᠭᠣᠯ ᠦᠰᠦᠭ ᠢ᠋ ᠲᠠᠨᠢᠳᠠᠭ ᠦᠭᠡᠢ ᠪᠣᠯᠬᠣᠷ ᠬᠠᠢᠪᠠᠴᠤ ᠣᠯᠳᠠᠳᠠᠭ ᠦᠭᠡᠢ ᠶᠦᠮ᠃ ᠡᠭᠦᠨ ᠡᠴᠡ ᠪᠣᠯᠤᠭᠠᠳ ᠮᠣᠩᠭᠣᠯ ᠦᠰᠦᠭ ᠢ᠋ ᠴᠠᠬᠢᠮ ᠰᠦᠯᠵᠢᠶᠡᠨ ᠳᠡᠭᠡᠷ᠎ᠡ ᠳᠡᠮᠡᠢ ᠬᠡᠷᠡᠭᠯᠡᠳᠡᠭ ᠦᠭᠡᠢ᠂ ᠳᠡᠯᠡᠬᠡᠢ ᠶ᠋ᠢᠨ ᠨᠢᠭᠡᠳᠦᠯᠲᠡᠢ ᠺᠣᠳ᠋( ᠶᠦᠨᠢᠺᠥᠳ᠋ ) ᠲᠦ᠍ ᠣᠷᠣᠭᠰᠠᠨ ᠦᠭᠡᠢ ᠭᠡᠬᠦ ᠮᠡᠲᠦ ᠪᠡᠷ ᠣᠢᠯᠠᠭᠠᠳᠠᠭ ᠬᠥᠮᠦᠰ ᠴᠦ᠍ ᠪᠠᠭ᠎ᠠ ᠦᠭᠡᠢ ᠪᠠᠢᠬᠤ ᠪᠠᠢᠳᠠᠯ ᠲᠠᠢ᠂ ᠦᠨᠡᠨᠳᠡᠭᠡᠨ ᠮᠣᠩᠭᠣᠯ ᠦᠰᠦᠭ ᠶᠦᠨᠢᠺᠥᠳ᠋ ᠲᠦ᠍ ᠣᠷᠣᠭᠰᠠᠨ ᠮᠥᠷᠲᠡᠭᠡᠨ ᠪᠢᠴᠢᠭ ᠮᠠᠲ᠋ᠧᠷᠢᠶᠠᠯ ᠪᠤᠶᠤ ᠰᠤᠷᠠᠭ ᠵᠠᠩᠭᠢ ᠶ᠋ᠢ ᠴᠦ᠍ ᠬᠠᠢᠵᠤ ᠳᠡᠢᠯᠳᠡᠭ᠃
ᠮᠣᠩᠭᠣᠯ ᠦᠰᠦᠭ ᠢ᠋ᠶ᠋ᠡᠷ ᠳᠡᠯᠡᠬᠡᠢ ᠶ᠋ᠢᠨ ᠬᠠᠮᠤᠭ ᠤ᠋ᠨ ᠲᠣᠮᠣ ᠬᠥᠲᠥᠴᠢ ᠪᠣᠯᠬᠤ Google ᠳᠡᠭᠡᠷ᠎ᠡ ᠪᠣᠯ ᠬᠠᠢᠵᠤ ᠳᠡᠢᠯᠦᠨ᠎ᠡ᠂ ᠭᠡᠪᠡᠴᠦ ᠵᠠᠷᠢᠮ ᠭᠠᠵᠠᠷ ᠣᠷᠣᠨ ᠳ᠋ᠤ᠌ ᠬᠢᠵᠠᠭᠠᠷᠯᠠᠯ ᠲᠠᠢ ᠪᠣᠯᠬᠣᠷ ᠡᠨᠳᠡ ᠪᠢᠳᠡ Microsoft(ᠮᠢᠺᠷᠣᠰᠣᠹᠲ) ᠺᠣᠮᠫᠠᠨᠢ ᠶ᠋ᠢᠨ ᠵᠣᠬᠢᠶᠠᠭᠰᠠᠨ ᠳᠡᠯᠡᠬᠡᠢ ᠶ᠋ᠢᠨ ᠬᠣᠶᠠᠳᠤᠭᠠᠷ ᠲᠣᠮᠣ ᠬᠥᠲᠥᠴᠢ Edge ᠶ᠋ᠢᠨ ᠬᠠᠢᠯᠲᠠ ᠶ᠋ᠢᠨ ᠰᠢᠰᠲ᠋ᠧᠮ Bing ᠳᠡᠭᠡᠷ᠎ᠡ ᠭᠠᠷ ᠤᠲᠠᠰᠤ ᠶ᠋ᠢ ᠠᠰᠢᠭᠯᠠᠨ ᠮᠣᠩᠭᠣᠯ ᠦᠰᠦᠭ ᠢ᠋ᠶ᠋ᠡᠨ ᠬᠡᠷᠬᠢᠨ ᠬᠠᠢᠬᠤ ᠠᠷᠭ᠎ᠠ ᠶ᠋ᠢᠨ ᠲᠤᠬᠠᠢ ᠵᠢᠷᠤᠭ ᠤ᠋ᠨ ᠬᠡᠯᠪᠡᠷᠢ ᠪᠡᠷ ᠠᠯᠬᠤᠮ ᠳᠠᠷᠠᠭ᠎ᠠ ᠲᠠᠢ ᠵᠢᠭᠠᠶ᠎ᠠ᠃
1. Bing ᠬᠠᠢᠯᠲᠠ ᠶ᠋ᠢᠨ ᠰᠢᠰᠲ᠋ᠧᠮ ᠢ᠋ ᠬᠡᠢᠮᠣᠷᠢ ᠰᠦᠯᠵᠢᠶᠡᠨ ᠡᠴᠡ ᠪᠠᠭᠤᠯᠭᠠᠨ ᠠᠪᠬᠤ ᠬᠡᠷᠡᠭᠲᠡᠢ᠃ ᠬᠡᠯᠬᠢᠶᠡᠰᠦ ᠨᠢ https://hiimor.com/soft/ ᠪᠤᠶᠤ ᠬᠡᠢᠮᠣᠷᠢ ᠰᠦᠯᠵᠢᠶᠡᠨ ᠤ ᠪᠠᠷᠠᠭᠤᠨ ᠳᠡᠭᠡᠷ᠎ᠡ ᠪᠠᠢᠭ᠎ᠠ 《ᠮᠣᠩᠭᠣᠯ ᠰᠣᠹᠲ》ᠳᠡᠭᠡᠷ᠎ᠡ ᠳᠣᠶᠢᠵᠤ(ᠲᠣᠭᠰᠢᠵᠤ)᠂ ᠬᠡᠢᠮᠣᠷᠢ ᠰᠦᠯᠵᠢᠶᠡᠨ ᠦ᠌ ᠰᠣᠹᠲ ᠤ᠋ᠨ ᠬᠠᠢᠷᠴᠠᠭ ᠲᠤ᠌ ᠣᠷᠣᠨ᠎ᠠ᠂ ᠵᠢᠷᠤᠭ7-1 ᠮᠡᠲᠦ᠃
2. ᠬᠠᠢᠯᠲᠠ ᠶ᠋ᠢᠨ ᠰᠢᠰᠲ᠋ᠧᠮ ᠮᠣᠩᠭᠣᠯ ᠢ᠋ᠶ᠋ᠠᠷ ᠬᠠᠢᠬᠤ ᠠᠩᠭᠢᠯᠠᠯ ᠳᠣᠲᠣᠷ᠎ᠠ ᠠᠯᠮᠤᠷᠠᠳ ᠭᠠᠷ ᠤᠲᠠᠰᠤ ᠪᠣᠯ ᠪᠠᠷᠠᠭᠤᠨ ᠭᠠᠷ ᠤ᠋ᠨ ᠲᠠᠯ᠎ᠠ ᠶ᠋ᠢᠨ ᠠᠯᠮᠤᠷᠠᠳ ᠤ᠋ᠨ ᠵᠢᠷᠤᠭ᠂ ᠠᠯᠮᠤᠷᠠᠳ ᠠ᠋ᠴᠠ ᠪᠤᠰᠤᠳ ᠭᠠᠷ ᠤᠲᠠᠰᠤ ᠪᠣᠯ ᠵᠡᠭᠦᠨ ᠭᠠᠷ ᠤ᠋ᠨ ᠲᠠᠯ᠎ᠠ ᠶ᠋ᠢᠨ ᠮᠠᠰᠢᠨ ᠬᠥᠮᠦᠨ ᠦ᠌ ᠵᠢᠷᠤᠭ ᠢ᠋ ᠳᠣᠶᠢᠵᠤ ᠪᠠᠭᠤᠯᠭᠠᠨ ᠠᠪᠤᠨ᠎ᠠ᠃ ᠳᠣᠶᠢᠭᠠᠳ ᠬᠥᠳᠡᠯᠬᠦ ᠦᠭᠡᠢ ᠪᠣᠯ ᠭᠠᠷ ᠤᠲᠠᠰᠤᠨ ᠤ᠋ ᠪᠠᠷᠠᠭᠤᠨ ᠳᠡᠭᠡᠷ᠎ᠡ ᠥᠨᠴᠥᠭ ᠳᠡᠭᠡᠷᠡᠬᠢ ᠭᠤᠷᠪᠠᠨ ᠳᠤᠰᠤᠯ(︙) ᠢ᠋ ᠳᠣᠶᠢᠵᠤ᠂ ᠬᠥᠲᠥᠴᠢ(浏览器) ᠪᠡᠨ ᠰᠣᠯᠢᠨ᠎ᠠ᠃ ᠵᠢᠷᠤᠭ7-2 ᠮᠡᠲᠦ᠃
3. ᠬᠥᠲᠥᠴᠢ ᠪᠡᠨ ᠰᠣᠯᠢᠬᠤ ᠳᠤ ᠤᠲᠠᠰᠤ ᠪᠣᠯᠭᠠᠨ ᠪᠠᠭ᠎ᠠ ᠵᠥᠷᠢᠶ᠎ᠡ ᠲᠡᠢ ᠪᠣᠯᠪᠠᠴᠤ ᠳᠡᠯᠡᠬᠡᠢ ᠶ᠋ᠢᠨ ᠪᠥᠮᠪᠥᠷᠴᠡᠭ ᠦ᠋ᠨ ᠵᠢᠷᠤᠭ ᠢ᠋ ᠳᠣᠶᠢᠨᠠ᠂ ᠵᠢᠷᠤᠭ7-3 ᠮᠡᠲᠦ᠃
4. ᠥᠪᠡᠷ ᠦ᠋ᠨ ᠭᠠᠷ ᠤᠲᠠᠰᠤᠨ ᠳᠡᠭᠡᠷᠡᠬᠢ ᠬᠥᠲᠥᠴᠢ ᠪᠡᠷ ᠳᠠᠮᠵᠢᠨ ᠪᠠᠭᠤᠯᠭᠠᠵᠤ ᠠᠪᠤᠨ᠎ᠠ᠂ ᠵᠢᠷᠤᠭ7-4 ᠮᠡᠲᠦ᠃
5.ᠳᠠᠬᠢᠨ ᠬᠣᠶᠠᠳᠤᠭᠠᠷ ᠠᠯᠬᠤᠮ ᠲᠠᠢ ᠠᠳᠠᠯᠢ ᠥᠪᠡᠷ ᠦ᠋ᠨ ᠭᠠᠷ ᠤᠲᠠᠰᠤᠨ ᠳ᠋ᠤ᠌ ᠲᠣᠬᠢᠷᠠᠭᠰᠠᠨ Bing ᠬᠠᠢᠯᠲᠠ ᠶ᠋ᠢᠨ ᠰᠢᠰᠲ᠋ᠧᠮ ᠢ᠋ ᠪᠠᠭᠤᠯᠭᠠᠨ ᠠᠪᠴᠤ ᠤᠭᠰᠠᠷᠠᠨ᠎ᠠ᠃ ᠵᠢᠷᠤᠭ7-5 ᠮᠡᠲᠦ᠃
6.ᠭᠠᠷ ᠤᠲᠠᠰᠤᠨ ᠤ᠋ ᠲᠡᠷᠢᠭᠦᠨ ᠨᠢᠭᠤᠷ ᠳᠡᠭᠡᠷ᠎ᠡ ᠵᠢᠷᠤᠭ7-6 ᠮᠡᠲᠦ ᠳᠦᠷᠰᠦ ᠭᠠᠷᠴᠤ ᠢᠷᠡᠪᠡᠯ ᠵᠥᠪ ᠤᠭᠰᠠᠷᠠᠵᠠᠢ᠃
7. Bing ᠬᠠᠢᠯᠲᠠ ᠶᠢᠨ ᠰᠢᠰᠲ᠋ᠧᠮ ᠢ ᠳᠣᠶᠢᠨᠠ᠂ ᠵᠢᠱ᠌ᠢᠶ᠎ᠡ
ᠵᠢᠷᠤᠭ7-7 ᠮᠡᠲᠦ ᠥᠪᠡᠷ ᠦᠨ ᠬᠠᠢᠬᠤ ᠰᠠᠨᠠᠭ᠎ᠠ ᠲᠠᠢ ᠦᠰᠦᠭ ᠢ ᠪᠢᠴᠢᠵᠦ
ᠣᠷᠣᠭᠤᠯᠤᠨ ᠬᠠᠢᠨ᠎ᠠ᠃

ᠺᠣᠮᠫᠢᠦ᠋ᠲ᠋ᠧᠷ ᠦ᠋ᠨ ᠬᠡᠷᠡᠭᠯᠡᠭᠴᠢᠳ ᠪᠣᠯ ᠺᠣᠮᠫᠢᠦ᠋ᠲ᠋ᠧᠷ ᠳᠡᠭᠡᠷ᠎ᠡ ᠪᠡᠨ Bing ᠬᠠᠢᠯᠲᠠ ᠶ᠋ᠢᠨ ᠰᠢᠰᠲ᠋ᠧᠮ ᠦ᠋ᠨ https://www.bing.com/ ᠰᠦᠯᠵᠢᠶ᠎ᠡ ᠶ᠋ᠢ ᠬᠠᠳᠠᠭᠠᠯᠠᠨ ᠠᠪᠴᠤ ᠬᠡᠷᠡᠭᠯᠡᠭᠡᠷᠡᠢ᠃
ᠮᠣᠩᠭᠣᠯ ᠢ᠋ᠶ᠋ᠠᠷ ᠬᠠᠢᠬᠤ ᠳ᠋ᠤ᠌ ᠵᠠᠪᠠᠯ ᠤᠯᠤᠰ ᠊ᠤᠨ ᠪᠠᠷᠢᠮᠵᠢᠶ᠎ᠠ ᠺᠣᠳ᠋ ᠶ᠋ᠢᠨᠷ ᠵᠥᠪ ᠪᠢᠴᠢᠬᠦ ᠬᠡᠷᠡᠭᠲᠡᠢ᠂ ᠵᠢᠱ᠌ᠢᠶᠡᠯᠡᠪᠡᠯ《ᠮᠣᠩᠭᠣᠯ 》ᠭᠡᠳᠡᠭ ᠦᠭᠡ ᠶ᠋ᠢ ᠬᠠᠢᠬᠤ ᠳ᠋ᠤ᠌ ᠪᠠᠨ 《 ᠮ ᠣ( 4 ᠳ᠋ᠦ᠍ᠭᠡᠷ ᠦᠶ᠎ᠡ ) ᠩ ᠭ ᠣ( 4 ᠳ᠋ᠦ᠍ᠭᠡᠷ ᠦᠶ᠎ᠡ ) ᠯ 》ᠮᠡᠲᠦ ᠪᠡᠷ ᠵᠥᠪ ᠪᠢᠴᠢᠮᠡᠨᠵᠢᠨ ᠰᠠᠶᠢ ᠵᠥᠪ ᠬᠠᠢᠵᠤ ᠣᠯᠤᠨ᠎ᠠ᠃ ᠮᠣᠩᠭᠣᠯ ᠪᠢᠴᠢᠭ ᠢ᠋ᠶ᠋ᠡᠨ ᠴᠠᠬᠢᠮ ᠰᠦᠯᠵᠢᠶᠡᠨ ᠳᠡᠭᠡᠷ᠎ᠡ ᠵᠥᠪ ᠪᠢᠴᠢᠵᠦ ᠰᠤᠷᠤᠶ᠎ᠠ ᠭᠡᠰᠡᠨ ᠪᠣᠳᠣᠯ ᠲᠠᠢ ᠬᠥᠮᠦᠰ ᠬᠡᠢᠮᠣᠷᠢ ᠰᠦᠯᠵᠢᠶᠡᠨ ᠊ᠤ᠌《ᠬᠡᠯᠡ ᠪᠢᠴᠢᠭ》ᠠᠩᠭᠢᠯᠠᠯ https://hiimor.com/blog/helebichig/ ᠪᠤᠶᠤ 《ᠰᠦᠨ ᠰᠠᠴᠤᠯᠢ》᠂ 《ᠵᠥᠪ ᠪᠢᠴᠢᠯᠭᠡ 》ᠬᠣᠯᠪᠣᠭᠠᠨ ᠳ᠋ᠤ᠌ ᠣᠷᠣᠵᠤ ᠰᠤᠷᠴᠤ ᠪᠣᠯᠤᠨ᠎ᠠ᠂ ᠲᠡᠨᠳᠡ ᠶᠠᠮᠠᠷ ᠴᠤ᠌ ᠦᠨ᠎ᠡ ᠲᠥᠯᠥᠪᠦᠷᠢ ᠦᠭᠡᠢ ᠪᠡᠷ ᠵᠢᠭᠠᠵᠤ ᠥᠭᠴᠦ ᠪᠠᠢᠭ᠎ᠠ ᠪᠤᠷᠬᠠᠨ ᠰᠡᠳᠬᠢᠯ ᠲᠡᠢ ᠪᠠᠭᠰᠢ ᠨᠠᠷ ᠪᠠᠢᠳᠠᠭ᠃
