ᠪᠦᠰᠡᠭᠦᠢ ᠬᠥᠮᠦᠨ ᠨᠣᠮ ᠰᠢᠭ᠋ ᠶᠤᠮ-ᠪ ᠪᠠᠲᠤᠬᠦᠦ БҮСГҮЙ ХҮН НОМ ШИГ ЮМ-Б батхүү ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢ ᠬᠥᠮᠦᠨ ᠨᠣᠮ ᠰᠢᠭ᠋ ᠶᠤᠮ-ᠪ ᠪᠠᠲᠤᠬᠦᠦ БҮСГҮЙ ХҮН НОМ ШИГ ЮМ-Б батхүү

ᠪᠦᠰᠡᠭᠦᠢ ᠬᠥᠮᠦᠨ ᠨᠣᠮ ᠰᠢᠭ᠋ ᠶᠤᠮ-ᠪ ᠪᠠᠲᠤᠬᠦᠦ БҮСГҮЙ ХҮН НОМ ШИГ ЮМ-Б батхүү

2023-01-31

629

ᠪᠦᠰᠡᠭᠦᠢ ᠬᠥᠮᠦᠨ ᠨᠣᠮ ᠰᠢᠭ᠋ ᠶᠤᠮ-ᠪ ᠪᠠᠲᠤᠬᠦᠦ

   ᠵᠣᠬᠢᠶᠠᠭᠴᠢ ᠄ ᠪ ∙ ᠪᠠᠲᠤᠬᠦᠦ 
   ᠣ᠊ ∙ ᠪᠠᠲᠤᠰᠦ᠋ᠬᠡ ᠤᠩᠰᠢᠪᠠ 

ᠪᠦᠰᠡᠭᠦᠢ ᠬᠥᠮᠦᠨ ᠦᠨᠡᠨ ᠳᠦ ᠪᠡᠨ ᠨᠣᠮ ᠶᠤᠮ 
ᠪᠦᠲᠦᠯ ᠦᠭᠡᠢ ᠨᠢᠭᠡᠨ ᠦ ᠭᠡᠭᠡᠭᠰᠡᠨ ᠨᠣᠮ ᠶᠤᠮ 
ᠪᠦᠲᠦᠯ ᠲᠡᠢ ᠨᠢᠭᠡᠨ ᠦ ᠨᠡᠭᠡᠭᠡᠭᠰᠡᠨ ᠨᠣᠮ ᠶᠤᠮ 
ᠣᠯᠤᠭᠰᠠᠨ ᠨᠣᠮ ᠶᠤᠮ ᠣᠯᠵᠠᠨ ᠤ ᠨᠣᠮ ᠶᠤᠮ 
ᠤᠩᠰᠢᠮᠠᠷ ᠪᠠᠢᠪᠠᠴᠤ ᠤᠴᠢᠷ ᠨᠢ ᠣᠯᠳᠠᠬᠤ ᠦᠭᠡᠢ 
ᠤᠷᠠᠩᠬᠠᠢ ᠨᠣᠮ ᠶᠤᠮ 
ᠤᠳᠬ᠎ᠠ ᠨᠢ ᠲᠠᠢᠯᠤᠭᠳᠠᠬᠤ ᠦᠭᠡᠢ 
ᠠᠭᠤᠷ ᠬᠦᠷᠭᠡᠭᠰᠡᠨ ᠨᠣᠮ ᠶᠤᠮ
ᠪᠦᠰᠡᠭᠦᠢ ᠬᠥᠮᠦᠨ ᠨᠣᠮ ᠰᠢᠭ᠋ ᠶᠤᠮ
ᠪᠦᠯᠦᠭ ᠭᠠᠷᠴᠠᠭ ᠨᠢ ᠲᠠᠨᠢᠭᠳᠠᠬᠤ ᠦᠭᠡᠢ
ᠪᠦᠭᠡᠭᠡᠨ ᠴᠠᠭᠠᠨ ᠨᠣᠮ ᠶᠤᠮ
ᠬᠠᠪᠲᠠᠰᠤ ᠬᠠᠭᠤᠳᠠᠰᠤ ᠨᠢ ᠢᠯᠭᠠᠭᠳᠠᠬᠤ ᠦᠭᠡᠢ
ᠬᠠᠴᠢᠨ ᠰᠣᠨᠢᠨ ᠨᠣᠮ ᠶᠤᠮ
ᠪᠦᠰᠡᠭᠦᠢ ᠬᠥᠮᠦᠨ ᠨᠣᠮ ᠰᠢᠭ᠋ ᠶᠤᠮ
ᠡᠬᠢᠯᠡᠯ ᠲᠡᠭᠦᠰᠬᠡᠯ ᠨᠢ ᠮᠡᠳᠡᠭᠳᠡᠬᠦ ᠦᠭᠡᠢ
ᠡᠷᠲᠡᠨ ᠦ ᠰᠤᠳᠤᠷ ᠰᠢᠭ᠋ ᠨᠣᠮ ᠶᠤᠮ
ᠡᠪᠬᠡᠵᠦ ᠨᠤᠭᠤᠯᠵᠤ ᠪᠣᠯᠤᠮᠠᠷ ᠦᠭᠡᠢ
ᠡᠮᠵᠡᠭ ᠨᠠᠨᠳᠢᠨ ᠨᠣᠮ ᠶᠤᠮ
ᠪᠦᠰᠡᠭᠦᠢ ᠬᠥᠮᠦᠨ ᠨᠣᠮ ᠰᠢᠭ᠋ ᠶᠤᠮ
ᠦᠰᠦᠭ ᠮᠡᠳᠡᠬᠦ ᠦᠭᠡᠢ ᠴᠤ᠌ ᠦᠷᠭᠦᠯᠵᠢ ᠬᠠᠳᠠᠭᠠᠯᠠᠮᠠᠷ
ᠦᠬᠦᠲᠡᠯ᠎ᠡ ᠪᠡᠨ ᠬᠠᠷᠮᠠᠯᠤᠮᠠᠷ ᠨᠣᠮ ᠶᠤᠮ
ᠥᠭᠭᠦᠭᠰᠡᠨ ᠴᠤ᠌ ᠬᠣᠷᠭᠣᠳᠠᠮᠠᠷ ᠨᠣᠮ ᠶᠤᠮ
ᠪᠦᠰᠡᠭᠦᠢ ᠬᠥᠮᠦᠨ ᠨᠣᠮ ᠰᠢᠭ᠋ ᠶᠤᠮ
ᠤᠩᠰᠢᠵᠤ ᠮᠡᠳᠡᠬᠦ ᠦᠭᠡᠢ ᠴᠤ᠌
ᠤᠩᠰᠢᠳᠠᠭ ᠪᠣᠯᠲᠠᠯ᠎ᠠ ᠪᠠᠨ ᠤᠩᠰᠢᠮᠠᠷ
ᠤᠷᠠᠨ ᠢᠷᠠᠭᠤ ᠨᠣᠮ ᠶᠤᠮ
ᠪᠦᠰᠡᠭᠦᠢ ᠬᠥᠮᠦᠨ ᠨᠣᠮ ᠰᠢᠭ᠋ ᠶᠤᠮ
ᠬᠠᠳᠠᠭᠠᠯᠠᠵᠤ ᠭᠠᠮᠨᠠᠵᠤ ᠶᠠᠪᠤᠮᠠᠷ
ᠬᠠᠷᠠᠮ ᠤᠨ ᠪᠠᠷᠢᠨᠲᠠᠭ ᠲᠠᠢ ᠨᠣᠮ ᠶᠤᠮ
ᠬᠠᠢᠷ᠎ᠠ ᠶᠢᠨ ᠪᠠᠷᠢᠯᠳᠤᠯᠭ᠎ᠠ ᠲᠠᠢ ᠨᠣᠮ ᠶᠤᠮ
ᠪᠦᠰᠡᠭᠦᠢ ᠬᠥᠮᠦᠨ ᠨᠣᠮ ᠰᠢᠭ᠋ ᠶᠤᠮ
ᠮᠠᠷᠲᠠᠵᠤ ᠬᠡᠵᠢᠶ᠎ᠡ ᠴᠤ᠌ ᠪᠣᠯᠤᠮᠠᠷ ᠦᠭᠡᠢ
ᠮᠠᠨᠢ ᠶᠢᠨ ᠢᠷᠦᠭᠡᠯ ᠰᠢᠭ ᠨᠣᠮ ᠶᠤᠮ
ᠮᠣᠯᠣᠮ ᠲᠥᠢᠮᠣ ᠶᠢᠨ ᠨᠣᠮ ᠶᠤᠮ
ᠪᠦᠰᠡᠭᠦᠢ ᠬᠥᠮᠦᠨ ᠨᠣᠮ ᠰᠢᠭ᠋ ᠶᠤᠮ
ᠬᠠᠭᠠᠴᠠᠭᠠᠵᠤ ᠵᠣᠪᠠᠭᠠᠵᠤ ᠭᠣᠮᠣᠳᠠᠭᠠᠪᠠᠯ
ᠬᠠᠷᠢᠶᠠᠯ ᠤᠨ ᠲᠠᠷᠨᠢ ᠲᠠᠢ ᠨᠣᠮ ᠶᠤᠮ
ᠬᠠᠲᠠᠭᠤ ᠬᠠᠪᠲᠠᠰᠤ ᠲᠠᠢ ᠨᠣᠮ ᠶᠤᠮ
ᠪᠦᠰᠡᠭᠦᠢ ᠬᠥᠮᠦᠨ ᠨᠣᠮ ᠰᠢᠭ᠋ ᠶᠤᠮ
ᠬᠠᠵᠠᠭᠤ ᠳᠤ ᠨᠢ ᠪᠠᠢᠵᠤ ᠵᠢᠷᠭᠠᠭᠠᠪᠠᠯ
ᠮᠥᠩᠭᠥᠨ ᠦᠰᠦᠭ ᠲᠡᠢ ᠨᠣᠮ ᠶᠤᠮ
ᠮᠥᠩᠬᠡ ᠶᠢᠨ ᠤᠰᠤ ᠲᠠᠢ ᠠᠮᠢ ᠶᠤᠮ
ᠪᠦᠰᠡᠭᠦᠢ ᠬᠥᠮᠦᠨ ᠨᠣᠮ ᠰᠢᠭ᠋ ᠶᠤᠮ
ᠰᠦᠰᠦᠭᠯᠡᠮᠡᠷ ᠠᠷᠢᠭᠤᠨ ᠨᠣᠮ ᠶᠤᠮ
ᠰᠦ᠋ ᠰᠢᠩᠭᠡᠭᠰᠡᠨ ᠨᠣᠮ ᠶᠤᠮ
ᠰᠡᠭᠦᠳᠡᠷ ᠦᠭᠡᠢ ᠴᠠᠭᠠᠨ ᠨᠣᠮ ᠶᠤᠮ᠃
БҮСГҮЙ ХҮН НОМ ШИГ ЮМ
Зохиогч : б ∙ батхүү
О ∙ батсүх уншив

Бүсгүй хүн үнэндээ ном юм
Бүтэлгүй нэгний гээсэн ном юм
Бүтэлтэй нэгний нээсэн ном юм
Олсон ном юм олзны ном юм
Уншмаар байвч учир нь олдохгүй
Уранхай ном юм
Утга нь тайлагдахгүй
Уур хүргэсэн ном юм
Бүсгүй хүн ном шиг юм
Бүлэг гарчиг нь танигдахгүй
Бүгээн цагаан ном юм
Хавтас хуудас нь ялгагдахгүй
Хачин сонин ном юм
Бүсгүй хүн ном шиг юм
Эхлэл төгсгөл нь мэдэгдэхгүй
Эртний судар шиг ном юм
Эвхэж нугалж болмооргүй
Эмзэг нандин ном юм
Бүсгүй хүн ном шиг юм
Үсэг мэдэхгүй ч үргэлж хадгалмаар
Үхэтлээ хармалмаар ном юм
Үхсэнч хоргодмоор ном юм
Бүсгүй хүн ном шиг юм
Уншиж мэдэхгүй ч
Уншдаг болтлоо уншмаар
Уран яруу ном юм
Бүсгүй хүн ном шиг юм
Хадгалж гамнаж явмаар
Харамын баринтагтай ном юм
Хайрын барилдлагатай ном юм
Бүсгүй хүн ном шиг юм
Мартаж хэзээч болмооргүй
Маанийн ерөөл шиг ном юм
Молом тоймийн ном юм
Бүсгүй хүн ном шиг юм
Хагацааж зовоож гомдоовол
Хараалын тарнитай ном юм
Хатуу хавтастай ном юм
Бүсгүй хүн ном шиг юм
Хажууд нь байж жаргаавал
Мөнгөн үсэгтэй ном юм
Мөнхийн устай амь юм
Бүсгүй хүн ном шиг юм
Сүсэглэмээр ариун ном юм
Сүү шингэсэн ном юм
Сүүдэргүй цагаан ном юм...