ᠪᠠᠶᠠᠰᠤᠯ ᠎ᠲᠠᠢ ᠶᠠ ᠬᠥБаясалтий яа хө ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠰᠤᠯ ᠎ᠲᠠᠢ ᠶᠠ ᠬᠥБаясалтий яа хө

ᠪᠠᠶᠠᠰᠤᠯ ᠎ᠲᠠᠢ ᠶᠠ ᠬᠥБаясалтий яа хө

ᠠᠩᠭᠢᠯᠠᠯ:ᠳᠠᠭᠤᠤ ᠬᠥᠭᠵᠢᠮ
2023-01-31

401

ᠪᠠᠶᠠᠰᠤᠯ ᠎ᠲᠠᠢ ᠶᠠ ᠬᠥ 

  ᠦᠭᠡ ᠄ ᠰ ᠂ ᠠᠷᠢᠭᠤᠨᠵᠤᠯᠠ

  ᠬᠥᠭᠵᠢᠮ ᠄ ᠪ ᠂ ᠬᠦᠷᠡᠯᠪᠠᠭᠠᠳᠤᠷ

  ᠲᠠᠭᠤᠴᠢᠨ ᠄ ᠷᠢᠨᠴᠢᠨᠫᠥ᠋ᠷᠪᠦ ‍ᠶ᠋ᠢᠨ ᠣᠳᠬᠣᠨᠳᠤᠶᠠᠭ᠎ᠠ ᠂ ᠭᠣᠳᠤᠪ ‍ᠤᠨ ᠡᠩᠬᠡᠵᠢᠷᠭᠠᠯ

 

ᠰᠤᠮᠤᠨ ᠤᠷᠭ᠎ᠠ ᠰᠤᠩᠭᠠᠵᠤ ᠲᠠᠲᠠᠭᠠᠳ ᠡᠷᠳᠡᠮ ᠎ᠲᠡᠢ ᠶᠠ ᠬᠥ

ᠰᠤᠷ ‍ᠤᠨ ᠵᠢᠯᠣᠭᠣ ‍ᠶ᠋ᠢ ᠰᠤᠯᠠ ‍ᠳᠤ ᠨᠢ ᠣᠷᠬᠢᠭᠠᠳ ᠡᠨᠳᠡᠯ ᠎ᠲᠡᠢ ᠬᠥ

ᠡᠮᠡᠭᠡᠯ ‍ᠦᠨ ᠪᠠᠭᠠᠪᠤᠷ ᠬᠣᠯᠭᠣᠲᠠᠯ᠎ᠠ ᠵᠢᠳᠭᠦᠭᠡᠳ ᠠᠭᠠᠷᠠᠯ ᠎ᠲᠠᠢ ᠶᠠ ᠬᠥ

ᠡᠯᠪᠡᠭ ᠳᠡᠪᠡᠯ ‍ᠢ ᠬᠠᠨᠵᠠᠷᠠᠲᠠᠯ᠎ᠠ ᠡᠷᠴᠢᠯᠡᠭᠡᠳ ᠠᠪᠬᠠᠯᠵᠢ ᠎ᠲᠠᠢ ᠶᠠ ᠬᠥ

 

ᠡᠵᠡᠨ ‍ᠦ ᠎ᠪᠡᠨ ᠡᠷ᠎ᠡ ‍ᠶ᠋ᠢ ᠰᠢᠪᠬᠠᠵᠤ ᠨᠣᠮᠣᠬᠠᠷᠠᠳᠠᠭ

ᠡᠷᠳᠡᠨᠢᠳᠤ ᠬᠦᠯᠦᠭ ᠡᠶ᠋ᠢᠮᠦ ᠯᠡ ᠲᠡᠩᠬᠡᠭᠡ ᠎ᠲᠡᠢ

ᠬᠦᠯᠦᠭ ‍ᠦᠨ ‍ᠢᠶ᠋ᠡᠨ ᠰᠢᠨᠳᠠᠰᠤ ‍ᠶ᠋ᠢ ᠤᠨᠤᠵᠤ ᠰᠣᠷᠢᠳᠠᠭ

ᠡᠷ᠎ᠡ ᠬᠥᠮᠦᠨ ᠬᠡᠳᠡᠭ ᠡᠶ᠋ᠢᠮᠦ ᠯᠡ ᠲᠡᠭᠷᠢᠯᠢᠭ

ᠡᠮᠨᠢᠭ ᠪᠡᠶ᠎ᠡ ᠎ᠪᠡᠨ ᠪᠤᠯᠠᠷᠠᠲᠠᠯ᠎ᠠ ᠪᠤᠯᠭᠢᠭᠠᠳ ᠡᠭᠡᠨᠡᠭᠰᠢ ᠦᠭᠡᠢ ᠶᠠ ᠬᠥ

ᠡᠷᠡᠮᠡᠬᠡᠢ  ᠣᠮᠣᠭᠯᠠᠩ  ᠲᠡᠶ᠋ᠢᠯᠦᠭᠳᠡᠳᠡᠯ᠎ᠡ ᠪᠠᠭᠤᠯᠭᠠᠭᠠᠳ ᠴᠡᠩᠨᠡᠰᠢ ᠦᠭᠡᠢ ᠶᠠ  ᠬᠥ 

ᠲᠥᠭᠦᠷᠡᠭ ᠨᠢᠳᠦ ᠨᠢ ᠲᠣᠭᠳᠠᠵᠤ ᠮᠡᠯᠮᠡᠷᠡᠭᠡᠳ ᠤᠶᠠᠷᠠᠯ ᠎ᠲᠠᠢ ᠶᠠ ᠬᠥ

ᠲᠣᠪᠣᠬᠠᠨ ᠬᠥᠯᠥᠰᠦ ᠎ᠲᠡᠢ ᠲᠣᠬᠣᠮ ᠨᠢ ᠰᠡᠪᠡᠷᠡᠭᠡᠳ ᠤᠷᠮ᠎ᠠ ᠎ᠲᠠᠢ ᠶᠠ ᠬᠥ

ᠡᠵᠡᠨ ‍ᠦ ᠎ᠪᠡᠨ ᠡᠷ᠎ᠡ ‍ᠶ᠋ᠢ ᠰᠢᠪᠬᠠᠵᠤ ᠨᠣᠮᠣᠬᠠᠷᠠᠳᠠᠭ

ᠡᠷᠳᠡᠨᠢᠳᠤ ᠬᠦᠯᠦᠭ ᠡᠶ᠋ᠢᠮᠦ ᠯᠡ ᠲᠡᠩᠬᠡᠭᠡ ᠎ᠲᠡᠢ

ᠬᠦᠯᠦᠭ ‍ᠦᠨ ‍ᠢᠶ᠋ᠡᠨ ᠰᠢᠨᠳᠠᠰᠤ ‍ᠶ᠋ᠢ ᠤᠨᠤᠵᠤ ᠰᠣᠷᠢᠳᠠᠭ

ᠡᠷ᠎ᠡ ᠬᠥᠮᠦᠨ ᠭᠡᠳᠡᠭ ᠡᠶ᠋ᠢᠮᠦ ᠯᠡ ᠲᠡᠭᠷᠢᠯᠢᠭ

 

ᠬᠠᠵᠠᠭᠠᠷ ‍ᠤᠨ ᠠᠮᠠᠭᠠᠢ ᠱᠠᠷᠭᠢᠵᠤ ᠳᠤᠭᠲᠤᠷᠤᠭᠠᠳ ᠪᠠᠶᠠᠰᠤᠯ ᠎ᠲᠠᠢ ᠶᠠ ᠬᠥ

ᠬᠣᠳᠣᠩ ᠲᠥᠷᠥᠭᠡ ‍ᠶ᠋ᠢ ᠵᠢᠭᠢᠵᠦ ᠮᠣᠷᠳᠠᠭᠠᠳ ᠪᠠᠬᠠᠳᠤᠯ ᠎ᠲᠠᠢ ᠶᠠ ᠬᠥ

ᠳᠥᠮᠥᠨ ᠳᠥᠮᠥᠨ ᠠᠯᠬᠤᠵᠤ ᠬᠠᠲᠠᠷᠢᠭᠠᠳ ᠵᠢᠪᠬᠤᠭ᠎ᠠ ᠎ᠲᠠᠢ ᠶᠠ ᠬᠥ

ᠲᠤᠷᠳᠤᠩ ᠰᠠᠯᠬᠢ ᠎ᠲᠠᠢ ᠳᠠᠭᠤᠤ ᠎ᠪᠠᠨ ᠢᠰᠭᠡᠷᠦᠭᠡᠳ ᠵᠢᠷᠭᠠᠯ ᠎ᠲᠠᠢ ᠶᠠ ᠬᠥ

ᠡᠵᠡᠨ ‍ᠦ ᠎ᠪᠡᠨ ᠡᠷ᠎ᠡ ‍ᠶ᠋ᠢ ᠰᠢᠪᠬᠠᠵᠤ ᠨᠣᠮᠣᠬᠠᠷᠠᠳᠠᠭ

ᠡᠷᠳᠡᠨᠢᠳᠤ ᠬᠦᠯᠦᠭ ᠡᠶ᠋ᠢᠮᠦ ᠯᠡ ᠲᠡᠩᠬᠡᠭᠡ ᠎ᠲᠡᠢ

ᠬᠦᠯᠦᠭ ‍ᠦᠨ ‍ᠢᠶ᠋ᠡᠨ ᠰᠢᠨᠳᠠᠰᠤ ‍ᠶ᠋ᠢ ᠤᠨᠤᠵᠤ ᠰᠣᠷᠢᠳᠠᠭ

ᠡᠷ᠎ᠡ ᠬᠥᠮᠦᠨ ᠭᠡᠳᠡᠭ ᠡᠶ᠋ᠢᠮᠦ ᠯᠡ ᠲᠡᠭᠷᠢᠯᠢᠭ

ᠡᠵᠡᠨ ‍ᠦ ᠎ᠪᠡᠨ ᠡᠷ᠎ᠡ ‍ᠶ᠋ᠢ ᠰᠢᠪᠬᠠᠵᠤ ᠨᠣᠮᠣᠬᠠᠷᠠᠳᠠᠭ

ᠡᠷᠳᠡᠨᠢᠳᠤ ᠬᠦᠯᠦᠭ ᠡᠶ᠋ᠢᠮᠦ ᠯᠡ ᠲᠡᠩᠬᠡᠭᠡ ᠎ᠲᠡᠢ

ᠬᠦᠯᠦᠭ ‍ᠦᠨ ‍ᠢᠶ᠋ᠡᠨ ᠰᠢᠨᠳᠠᠰᠤ ‍ᠶ᠋ᠢ ᠤᠨᠤᠵᠤ ᠰᠣᠷᠢᠳᠠᠭ

ᠡᠷ᠎ᠡ ᠬᠥᠮᠦᠨ ᠭᠡᠳᠡᠭ ᠡᠶ᠋ᠢᠮᠦ ᠯᠡ ᠲᠡᠭᠷᠢᠯᠢᠭ

ᠡᠷ᠎ᠡ ᠬᠥᠮᠦᠨ ᠭᠡᠳᠡᠭ ᠡᠶ᠋ᠢᠮᠦ ᠯᠡ ᠲᠡᠭᠷᠢ ᠎ᠲᠡᠢ