ᠨᠤᠲᠤᠭ ‍ᠤᠨ ᠎ᠮᠢᠨᠢ ᠵᠢᠵᠢᠭᠬᠡᠨ ᠭᠣᠣᠯ - ᠵᠣᠬᠢᠶᠠᠭ᠍ᠴᠢ : ᠵᠢᠭᠳᠡᠨᠸᠠᠩᠵᠢᠯ ᠂ ᠭᠡᠭᠡᠨᠮᠡᠯᠮᠡᠢ ᠤᠶᠠᠩᠭᠠᠯᠠᠪᠠ Нутгийн минь жижигхэн гол - Зохиогч ᠄ Жигдэнваанжил , Гэгээнмэлмий уянгалав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ‍ᠤᠨ ᠎ᠮᠢᠨᠢ ᠵᠢᠵᠢᠭᠬᠡᠨ ᠭᠣᠣᠯ - ᠵᠣᠬᠢᠶᠠᠭ᠍ᠴᠢ : ᠵᠢᠭᠳᠡᠨᠸᠠᠩᠵᠢᠯ ᠂ ᠭᠡᠭᠡᠨᠮᠡᠯᠮᠡᠢ ᠤᠶᠠᠩᠭᠠᠯᠠᠪᠠ Нутгийн минь жижигхэн гол - Зохиогч ᠄ Жигдэнваанжил , Гэгээнмэлмий уянгалав

ᠨᠤᠲᠤᠭ ‍ᠤᠨ ᠎ᠮᠢᠨᠢ ᠵᠢᠵᠢᠭᠬᠡᠨ ᠭᠣᠣᠯ - ᠵᠣᠬᠢᠶᠠᠭ᠍ᠴᠢ : ᠵᠢᠭᠳᠡᠨᠸᠠᠩᠵᠢᠯ ᠂ ᠭᠡᠭᠡᠨᠮᠡᠯᠮᠡᠢ ᠤᠶᠠᠩᠭᠠᠯᠠᠪᠠ Нутгийн минь жижигхэн гол - Зохиогч ᠄ Жигдэнваанжил , Гэгээнмэлмий уянгалав

2023-01-30

448

ᠨᠤᠲᠤᠭ ‍ᠤᠨ ᠎ᠮᠢᠨᠢ ᠵᠢᠵᠢᠭᠬᠡᠨ ᠭᠣᠣᠯ

                ᠰᠢᠯᠦᠭ ᠄  ᠵᠢᠭᠳᠡᠨᠸᠠᠩᠵᠢᠯ

                ᠭᠡᠭᠡᠨᠮᠡᠯᠮᠡᠢ ᠤᠶᠠᠩᠭᠠᠯᠠᠪᠠ

ᠨᠠᠮ᠎ᠠ ‍ᠶ᠋ᠢ ᠲᠣᠭᠣᠷᠢᠵᠤ ᠤᠷᠤᠰᠤᠭᠰᠠᠨ ᠨᠤᠲᠤᠭ ‍ᠤᠨ ᠮᠢᠨᠢ ᠭᠣᠣᠯ᠎ ᠎ᠦ᠋ᠳ

ᠨᠠᠷᠠᠨ ᠰᠠᠷᠠᠨ ᠬᠣᠶᠠᠷ  ‍ᠢ ᠠᠴᠢᠶᠠᠯᠠᠵᠤ ᠬᠣᠯᠠ ‍ᠶ᠋ᠢᠨ ᠨᠤᠲᠤᠭ ‍ᠢ ᠵᠣᠷᠢᠨ᠎ᠠ

ᠨᠠᠪᠴᠢᠨ ‍ᠳᠤ ᠠᠭᠤᠰᠴᠤ ᠬᠣᠨᠣᠭᠠᠳ ᠰᠢᠭᠦᠳᠡᠷᠢ ‍ᠶ᠋ᠢᠨ ᠤᠰᠤ ‍ᠶ᠋ᠢ ᠰᠡᠭᠰᠦᠷᠦᠭᠰᠡᠭᠡᠷ

ᠨᠠᠷᠠ ᠰᠠᠷᠠᠨ  ᠪᠡᠶ᠎ᠡ ᠪᠡᠶᠡᠰ ‍ᠢᠶ᠋ᠡᠨ ᠬᠥᠭᠡᠭᠡᠯᠴᠡᠨ ᠴᠡᠴᠡᠭᠡᠰ ‍ᠢ  ᠢᠴᠢᠭᠡᠵᠤ

ᠨᠤᠲᠤᠭ ‍ᠤᠨ ᠮᠢᠨᠢ ᠵᠢᠵᠢᠭᠬᠡᠨ ᠭᠣᠣᠯ ‍ᠤᠳ ᠲᠤ
ᠨᠢᠭᠤᠷ ‍ᠢᠶ᠋ᠠᠨ ᠤᠬᠢᠶᠠᠬᠤ ᠎ᠪᠠᠷ ᠢᠷᠡᠨ᠎ᠡ

ᠨᠠᠮᠬᠠᠨ ᠬᠥᠲᠥᠯ ‍ᠦᠨ ᠬᠣᠷᠮᠣᠢ ‍ᠶ᠋ᠢ ᠨᠤᠷᠭᠠᠵᠤ ᠤᠷᠤᠰᠬᠤ 
ᠵᠢᠵᠢᠭᠬᠡᠨ ᠭᠣᠣᠯ ‍ᠦᠳ ᠮᠢᠨᠢ

ᠨᠠᠮᠤᠭᠤᠬᠠᠨ ᠠᠶᠠᠰ ᠬᠥᠭᠵᠢᠮᠳᠡᠵᠤ 
ᠡᠪᠡᠰᠦᠲᠦ ᠲᠠᠯ᠎ᠠ ‍ᠶ᠋ᠢ ᠠᠷᠭᠠᠳᠠᠩᠬᠠᠨ ᠤᠷᠤᠰᠤᠨ᠎ᠠ

ᠨᠠᠷᠢᠬᠠᠨ ᠵᠢᠵᠢᠭ ᠵᠢᠭᠠᠰᠤ ᠎ᠨᠤᠭᠤᠳ 
ᠰᠡᠭᠦᠯ ‍ᠢᠶ᠋ᠡᠨ ᠰᠢᠪᠬᠠᠳᠠᠨ ᠡᠷᠬᠡᠯᠡᠵᠦ ᠬᠦᠪᠡᠭᠡᠨ ‍ᠳᠦ ᠨᠢ ᠢᠷᠡᠨ᠎ᠡ

ᠨᠠᠷᠠᠨ ᠰᠠᠷᠠᠨ ᠬᠣᠶᠠᠷ ‍ᠢ ᠲᠣᠭᠣᠷᠢᠨ ᠤᠷᠤᠰᠬᠤ 
ᠨᠤᠲᠤᠭ ‍ᠤᠨ ᠮᠢᠨᠢ ᠭᠣᠣᠯ ‍ᠦᠳ

ᠨᠠᠪᠴᠢᠨ ‍ᠳᠤ ᠨᠣᠭᠣᠭᠠᠨ ‍ᠢ ᠨᠠᠳᠠ ‍ᠳᠤ ᠤᠬᠠᠭᠠᠨ ᠬᠠᠶ᠋ᠢᠷᠠᠯᠠᠵᠤ 
ᠠᠯᠤᠰ ‍ᠢ ᠵᠣᠷᠢᠨ ᠤᠷᠤᠰᠬᠠᠯ ᠲᠠᠰᠤᠷᠠᠨ᠎ᠠ

ᠨᠠᠰᠤ ᠂ ᠪᠡᠶ᠎ᠡ ᠎ᠪᠡᠨ ᠡᠯᠡᠭᠡᠭᠰᠡᠨ 
ᠨᠤᠲᠤᠭ ‍ᠤᠨ ᠮᠢᠨᠢ ᠵᠢᠵᠢᠭᠬᠡᠨ ᠭᠣᠣᠯ ‍ᠦᠳ ᠡ

   ᠦᠰᠦᠭ ᠠᠮᠢᠯᠠᠭᠤᠯᠤᠭᠴᠢ ᠄ ᠰᠡᠷᠭᠦᠯᠡᠩ
   ᠬᠢᠨᠠᠭᠴᠢ ᠄ ᠮᠦᠴᠢᠷ