ᠰᠠᠷᠠᠨ ᠤ ᠭᠦᠩᠵᠦ- ᠳ ᠠᠮᠤᠷᠲᠥ᠋ᠪᠰᠢᠨСарны гүнж-т амартвшин ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠᠨ ᠤ ᠭᠦᠩᠵᠦ- ᠳ ᠠᠮᠤᠷᠲᠥ᠋ᠪᠰᠢᠨСарны гүнж-т амартвшин

ᠰᠠᠷᠠᠨ ᠤ ᠭᠦᠩᠵᠦ- ᠳ ᠠᠮᠤᠷᠲᠥ᠋ᠪᠰᠢᠨСарны гүнж-т амартвшин

ᠠᠩᠭᠢᠯᠠᠯ:ᠳᠠᠭᠤᠤ ᠬᠥᠭᠵᠢᠮ
2023-01-30

246

ᠰᠠᠷᠠᠨ  ᠤ ᠭᠦᠩᠵᠦ

    ᠦᠭᠡ ᠄ ᠳ ᠪᠠᠲᠤᠰᠠᠭᠤᠷᠢ

    ᠠᠶ᠎ᠠ ᠄ ᠤ ᠡᠷᠲᠡᠨᠢ

    ᠳᠠᠭᠤᠴᠢᠨ ᠄ ᠳ ᠠᠮᠤᠷᠲᠥ᠋ᠪᠰᠢᠨ

 ᠲᠩᠷᠢ ᠶ᠋ᠢᠨ ᠰᠢᠪᠠᠭᠤᠳ ᠵᠢᠭᠦᠷ ᠳᠡᠯᠭᠡᠭᠰᠡᠨ

 ᠲᠡᠨᠢᠭᠦᠨ ᠬᠣᠩᠭᠣᠷ ᠰᠠᠯᠬᠢ ᠢᠰᠬᠡᠷᠦᠨ᠎ᠡ

 ᠲᠡᠮᠡᠦᠯᠬᠦ ᠰᠡᠤᠠᠬᠢᠯ  ᠳᠦ ᠦᠷᠭᠦᠯᠵᠢ ᠤᠶᠠᠬ᠋᠎ᠠ ᠲᠠᠢ

 ᠲᠡᠪᠡᠷᠢ  ᠳᠦ ᠮᠢᠨᠢ ᠵᠢᠷᠭᠠᠭᠰᠠᠨ ᠪᠦᠰᠡᠭᠦᠢ ᠮᠢᠨᠢ ᠡ

 ᠰᠠᠨᠠᠭᠰᠠᠨ ᠰᠡᠤᠠᠬᠢᠯ  ᠳᠦ ᠬᠠᠢᠷ᠎ᠠ ᠪᠠᠷ ᠨᠢᠯᠬᠠᠷᠠᠯ᠎ᠠ

 ᠰᠠᠯᠬᠢ ᠪᠠᠷ ᠴᠢᠮ᠎ᠠ  ᠳᠦ ᠪᠠᠨ ᠳᠠᠭᠤᠤ ᠪᠠᠨ ᠬᠦᠷᠭᠡᠶ᠎ᠡ

 ᠰᠠᠷᠠ ᠲᠠᠢ ᠰᠥᠨᠢ ᠪᠡᠷ ᠴᠢ ᠮᠢᠨᠢ ᠪᠣᠲᠣᠭᠲᠠᠯ᠎ᠠ

 ᠰᠠᠷᠠᠨ ᠪ ᠭᠤᠸ᠋᠎ᠠ ᠭᠦᠩᠵᠦ ᠮᠢᠨᠢ ᠡ

 

 ᠰᠡᠪᠰᠡᠭᠡᠷ ᠴᠠᠭᠠᠨ ᠡᠭᠦᠯᠡᠰ  ᠢ ᠰᠢᠯᠭᠡᠭᠡᠭᠰᠡᠨ

 ᠰᠡᠪᠰᠢᠶ᠎ᠡ ᠵᠥᠭᠡᠯᠡᠨ ᠰᠠᠯᠬᠢ ᠦᠯᠢᠶᠡᠨ᠎ᠡ

 ᠰᠡᠷᠡᠮ᠎ᠡ ᠦᠭᠡᠢ ᠵᠡᠭᠦᠲᠦᠨ  ᠳᠦ ᠦᠬᠦᠬᠡᠷᠳᠡᠨ ᠢᠨᠢᠶᠡᠭᠰᠡᠨ

 ᠰᠡᠤᠠᠬᠢᠯ  ᠳᠦ ᠮᠢᠨᠢ ᠪᠠᠤᠠᠮᠠᠯᠠᠭᠰᠠᠨ ᠬᠠᠢᠷ᠎ᠠ ᠪᠠᠷ ᠨᠢᠯᠬᠠᠷᠠᠯ᠎ᠠ

 ᠰᠠᠯᠬᠢ ᠪᠠᠷ ᠴᠢᠮ᠎ᠠ  ᠳᠦ ᠪᠠᠨ ᠳᠠᠭᠤᠤ ᠪᠠᠨ ᠬᠦᠷᠭᠡᠶ᠎ᠡ

 ᠰᠠᠷᠠ ᠲᠠᠢ ᠰᠥᠨᠢ ᠪᠡᠷ ᠴᠢ ᠮᠢᠨᠢ ᠪᠣᠲᠣᠭᠲᠠᠯ᠎ᠠ

 ᠰᠠᠷᠠᠨ ᠪ ᠭᠤᠸ᠋᠎ᠠ ᠭᠦᠩᠵᠦ ᠮᠢᠨᠢ ᠡ

 

 ᠥᠩᠭᠡ ᠶ᠋ᠢᠨ ᠴᠡᠴᠡᠭᠡᠰ ᠳᠡᠯᠪᠢ ᠪᠡᠨ ᠳᠠᠭᠠᠭᠰᠠᠨ

 ᠥᠨᠢ ᠶ᠋ᠢᠨ ᠴᠡᠩᠬᠡᠷ ᠰᠠᠯᠬᠢ ᠦᠯᠢᠶᠡᠨ᠎ᠡ

 ᠡᠭᠦᠷᠢᠲᠡ ᠶ᠋ᠢᠨ ᠵᠠᠶᠠᠭᠠᠨ  ᠳᠦ ᠤᠴᠠᠷᠠᠯ ᠨᠡᠢᠯᠡᠭᠰᠡᠨ

 ᠡᠪᠦᠷ ᠲᠤ ᠮᠢᠨᠢ ᠡᠷᠬᠡᠯᠡᠭᠰᠡᠨ ᠠᠮᠠᠷᠠᠭ ᠮᠢᠨᠢ ᠡ

 ᠰᠠᠨᠠᠭᠰᠠᠨ ᠰᠡᠤᠠᠬᠢᠯ  ᠳᠦ ᠬᠠᠢᠷ᠎ᠠ ᠪᠠᠷ ᠨᠢᠯᠬᠠᠷᠠᠯ᠎ᠠ

 ᠰᠠᠯᠬᠢ ᠪᠠᠷ ᠴᠢᠮ᠎ᠠ  ᠳᠦ ᠪᠠᠨ ᠳᠠᠭᠤᠤ ᠪᠠᠨ ᠬᠦᠷᠭᠡᠶ᠎ᠡ

 ᠰᠠᠷᠠ ᠲᠠᠢ ᠰᠥᠨᠢ ᠪᠡᠷ ᠴᠢ ᠮᠢᠨᠢ ᠪᠣᠲᠣᠭᠲᠠᠯ᠎ᠠ

 ᠰᠠᠷᠠᠨ ᠪ ᠭᠦᠩᠵᠦ ᠮᠢᠨᠢ ᠡ

 ᠰᠠᠨᠠᠭᠰᠠᠨ ᠰᠡᠤᠠᠬᠢᠯ  ᠳᠦ ᠬᠠᠢᠷ᠎ᠠ ᠪᠠᠷ ᠨᠢᠯᠬᠠᠷᠠᠯ᠎ᠠ

 ᠰᠠᠯᠬᠢ ᠪᠠᠷ ᠴᠢᠮ᠎ᠠ  ᠳᠦ ᠪᠠᠨ ᠳᠠᠭᠤᠤ ᠪᠠᠨ ᠬᠦᠷᠭᠡᠶ᠎ᠡ

 ᠰᠠᠷᠠ ᠲᠠᠢ ᠰᠥᠨᠢ ᠪᠡᠷ ᠴᠢ ᠮᠢᠨᠢ ᠪᠣᠲᠣᠭᠲᠠᠯ᠎ᠠ

 ᠰᠠᠷᠠᠨ ᠪ ᠭᠤᠸ᠋᠎ᠠ ᠭᠦᠩᠵᠦ ᠮᠢᠨᠢ ᠡ

 ᠰᠠᠷᠠᠨ ᠪ ᠭᠤᠸ᠋᠎ᠠ ᠭᠦᠩᠵᠦ ᠮᠢᠨᠢ ᠡ