ᠮᠢᠨᠦ ᠮᠣᠩᠭᠣᠯ ᠣᠷᠣᠨ- ᠬᠣᠣᠰᠪᠠᠶᠠᠷ ᠵᠣᠬᠢᠶᠠᠵᠤ᠂ ᠰᠢᠵᠢᠷ ᠤᠶᠠᠩᠭᠠᠯᠠᠨ᠎ᠠМиний монгол орон-хосбаяр зохиож, шижир уянгална ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠮᠣᠩᠭᠣᠯ ᠣᠷᠣᠨ- ᠬᠣᠣᠰᠪᠠᠶᠠᠷ ᠵᠣᠬᠢᠶᠠᠵᠤ᠂ ᠰᠢᠵᠢᠷ ᠤᠶᠠᠩᠭᠠᠯᠠᠨ᠎ᠠМиний монгол орон-хосбаяр зохиож, шижир уянгална

ᠮᠢᠨᠦ ᠮᠣᠩᠭᠣᠯ ᠣᠷᠣᠨ- ᠬᠣᠣᠰᠪᠠᠶᠠᠷ ᠵᠣᠬᠢᠶᠠᠵᠤ᠂ ᠰᠢᠵᠢᠷ ᠤᠶᠠᠩᠭᠠᠯᠠᠨ᠎ᠠМиний монгол орон-хосбаяр зохиож, шижир уянгална

2023-01-29

387

ᠮᠢᠨᠦ ᠮᠣᠩᠭᠣᠯ ᠣᠷᠣᠨ- ᠬᠣᠣᠰᠪᠠᠶᠠᠷ ᠵᠣᠬᠢᠶᠠᠵᠤ᠂ ᠰᠢᠵᠢᠷ ᠤᠶᠠᠩᠭᠠᠯᠠᠨ᠎ᠠ

         ᠬᠣᠣᠰᠪᠠᠶᠠᠷ

         ᠰᠢᠵᠢᠷ ᠤᠶᠠᠩᠭᠠᠯᠠᠨ᠎ᠠ

 

ᠪᠤᠷᠬᠠᠨ ᠲᠡᠭᠷᠢ ᠎ᠡᠴᠡ ᠢᠪᠡᠭᠡᠯ ᠎ᠲᠡᠢ

ᠬᠠᠨᠠᠶ᠋ᠢᠵᠤ ᠰᠡᠬᠦᠶ᠋ᠢᠭᠰᠡᠨ ᠠᠭᠤᠯᠠ᠎ ᠲᠠᠶ᠋ᠢᠭ᠎ᠠ

ᠪᠤᠭᠤᠷᠤᠯ ᠬᠣᠷᠸ᠋᠎ᠠ ᠠ᠋ᠴᠠ ᠢᠷᠦᠭᠡᠯ ᠎ᠲᠡᠢ

ᠬᠠᠯᠭᠢᠯᠠᠨ ᠤᠷᠤᠰᠤᠭᠰᠠᠨ ᠮᠥᠷᠡᠨ ᠭᠣᠣᠯ

ᠮᠢᠨᠦ ᠮᠣᠩᠭᠣᠯ ‍ ᠣᠷᠣᠨ

 

ᠬᠠᠰᠠᠭ ᠲᠡᠷᠭᠡᠨ ‍ᠦ ᠮᠥᠭᠡᠷ ᠲᠠᠮᠠᠭᠠᠯᠠᠭᠰᠠᠨ

ᠬᠠᠨᠠᠭᠠᠷ ᠠᠭᠤᠳᠠᠮ ᠴᠡᠯᠡᠭᠡᠷ ᠲᠠᠯ᠎ᠠ

ᠲᠡᠮᠡᠭᠡᠨ ᠵᠢᠩ ‍ᠦᠨ ᠴᠥᠷᠬᠡᠯᠡᠭᠡ ᠴᠤᠪᠤᠷᠠᠭᠰᠠᠨ

ᠲᠡᠭᠷᠢ ᠣᠩᠭᠣᠨ ᠮᠥᠯᠢᠭᠡᠷ ᠡᠯᠡᠰᠦ

ᠮᠢᠨᠦ ᠮᠣᠩᠭᠣᠯ ᠣᠷᠣᠨ

 

ᠠᠶ᠋ᠢᠷᠠᠭ ‍ᠤᠨ ᠦᠨᠦᠷ ᠠᠩᠬᠢᠯᠤᠨ ᠰᠡᠩᠭᠢᠨᠡᠭᠰᠡᠨ

ᠠᠯᠲᠠᠨ ᠰᠢᠷᠭᠠᠯ ᠬᠠᠩᠭᠠᠢ ᠭᠣᠪᠢ

ᠠᠷᠭᠠᠯ ‍ᠤᠨ ᠤᠲᠤᠭ᠎ᠠ ᠰᠤᠪᠤᠷᠠᠨ ᠰᠤᠭᠤᠨᠠᠭᠯᠠᠭᠰᠠᠨ

ᠠᠩᠭᠢᠷ ᠴᠠᠭᠠᠨ ᠮᠣᠩᠭᠣᠯ ᠭᠡᠷ

ᠮᠢᠨᠦ ᠮᠣᠩᠭᠣᠯ ᠣᠷᠣᠨ

 

ᠴᠡᠴᠡᠭ ‍ᠦᠨ ᠦᠨᠦᠷ ᠰᠣᠷᠭᠣᠭ ᠬᠠᠩᠬᠤᠯᠤᠭᠰᠠᠨ

ᠴᠡᠯᠡᠶ᠋ᠢᠮ᠎ᠡ ᠨᠣᠭᠣᠭᠠᠨ ᠲᠡᠷᠭᠡᠯ ᠬᠥᠳᠡᠭᠡ

ᠴᠡᠭᠴᠡᠦᠬᠡᠢ ᠰᠢᠪᠠᠭᠤᠳ ᠴᠡᠭᠡᠯᠬᠡᠨ ᠳᠠᠭᠤᠯᠠᠭᠰᠠᠨ

ᠴᠡᠯᠭᠡᠮ᠎ᠡ ᠨᠣᠭᠣᠭᠠᠨ ᠣᠢ ᠬᠥᠪᠴᠢ

ᠮᠢᠨᠦ ᠮᠣᠩᠭᠣᠯ ᠣᠷᠣᠨ

 

ᠣᠲᠣᠷ ‍ᠤᠨ ᠠᠯᠤᠰ ᠠ᠋ᠴᠠ ᠴᠤᠤᠷᠢᠶᠠᠯᠠᠨ ᠳᠤᠭᠤᠯᠳᠠᠬᠤ

ᠮᠠᠨᠠᠭᠠᠨ ᠠ᠋ᠴᠠ ᠪᠤᠴᠠᠬᠤ ᠠᠳᠤᠭᠤᠴᠢᠨ ‍ᠤ ᠢᠰᠬᠡᠷᠦᠯ

ᠤᠰᠤᠨ ‍ᠤ ᠴᠠᠭᠠᠨ᠎ᠠ ᠠ᠋ᠴᠠ ᠬᠠᠩᠭᠢᠨᠠᠨ ᠰᠣᠨᠣᠰᠳᠠᠬᠤ

ᠮᠠᠯᠴᠢᠨ ᠪᠦᠰᠡᠭᠦᠢ ‍ᠶ᠋ᠢᠨ ᠰᠠᠭᠠᠯᠢ ‍ᠶ᠋ᠢᠨ ᠳᠠᠭᠤᠤ

ᠮᠢᠨᠦ ᠮᠣᠩᠭᠣᠯ ᠣᠷᠣᠨ

 

ᠣᠪᠣᠭᠠᠨ ᠲᠠᠬᠢᠯᠭ᠎ᠠ ᠎ᠪᠡᠨ ᠤᠴᠢᠷ ᠎ᠲᠡᠢ ᠰᠢᠲᠦᠵᠦ

ᠤᠷᠲᠤ ‍ᠶ᠋ᠢᠨ ᠳᠠᠭᠤᠤ ᠎ᠪᠠᠨ ᠤᠶᠠᠩᠭ᠎ᠠ ᠎ᠲᠠᠢ ᠰᠢᠷᠤᠩᠬᠠᠢᠯᠠᠭᠤᠯᠤᠭᠰᠠᠨ

ᠲᠠᠮᠠᠭᠠᠨ ᠨᠠᠶ᠋ᠢᠷ ‍ᠢᠶ᠋ᠠᠨ ᠲᠠᠪᠠᠲᠠᠢ ᠡᠭᠦᠰᠬᠡᠨ

ᠴᠣᠭᠣᠷ ‍ᠤᠨ ᠡᠬᠡᠰᠢᠭ ‍ᠢᠶ᠋ᠡᠨ ᠬᠥᠷ ᠎ᠲᠠᠢ ᠬᠥᠩᠭᠢᠨᠡᠭᠦᠯᠦᠭᠰᠡᠨ

ᠮᠢᠨᠦ ᠮᠣᠩᠭᠣᠯ ᠣᠷᠣᠨ

 

ᠬᠦᠬᠦᠷ ᠰᠣᠯᠢᠨ ᠬᠦᠨᠳᠦᠯᠡᠯᠴᠡᠨ ᠵᠣᠯᠭᠠᠯᠴᠠᠭᠰᠠᠨ

ᠬᠠᠳᠠᠭ ᠳᠡᠯᠭᠡᠨ ᠪᠡᠯᠭᠡᠳᠡᠨ ᠢᠷᠦᠭᠡᠯᠴᠡᠭᠰᠡᠨ

ᠰᠢᠭᠦᠰᠦ ᠲᠠᠯᠪᠢᠨ ᠬᠥᠭᠵᠢᠯᠳᠦᠨ ᠨᠠᠷᠭᠢᠯᠳᠤᠬᠰᠠᠨ

ᠲᠦᠳᠡᠭ ᠲᠣᠭᠣᠷᠢᠨ ᠲᠣᠭᠯᠠᠨ ᠪᠥᠵᠢᠭᠯᠡᠭᠰᠡᠨ

ᠮᠢᠨᠦ ᠮᠣᠩᠭᠣᠯ ᠣᠷᠣᠨ

 

ᠵᠠᠯᠠᠨ ᠎ᠳ᠋ᠤ᠌ ᠰᠣᠨᠣᠷᠲᠠᠬᠰᠠᠨ ᠲᠤᠭᠤᠯ ‍ᠤᠨ ᠬᠥᠭᠡᠷᠦᠬᠦᠨ ᠮᠥᠭᠡᠷᠡᠯ

ᠵᠡᠭᠡᠰᠦᠨ ᠳ᠋ᠦ᠍ ᠵᠢᠩᠭᠢᠨᠡᠭᠰᠡᠨ ᠢᠰᠢᠭᠡᠨ ‍ᠦ ᠤᠷᠢᠬᠠᠨ ᠮᠠᠶ᠋ᠢᠯᠠᠯ

ᠳᠡᠨᠵᠢᠨ ᠎ᠳ᠋ᠦ᠍ ᠬᠠᠩᠭᠢᠨᠠᠬᠰᠠᠨ ᠤᠨᠠᠭᠠᠨ ‍ᠤ ᠤᠶᠠᠬᠠᠨ ᠢᠨᠴᠠᠭᠠᠯ

ᠳᠡᠷᠡᠰᠦᠨ ᠎ᠳ᠋ᠦ᠍ ᠳᠠᠭᠤᠷᠢᠰᠤᠭᠰᠠᠨ ᠪᠣᠲᠣᠭᠣᠨ ‍ᠤ ᠤᠶᠠᠷᠠᠭᠤᠨ ᠪᠣᠶ᠋ᠢᠯᠠᠯ

ᠮᠢᠨᠦ ᠮᠣᠩᠭᠣᠯ ᠣᠷᠣᠨ

 

ᠠᠮᠤ ᠲᠠᠷᠢᠶ᠎ᠠ ᠴᠡᠯᠡᠶ᠋ᠢᠨ ᠴᠡᠯᠡᠶ᠋ᠢᠭᠰᠡᠨ

ᠠᠷᠪᠢᠨ ᠰᠦᠷᠦᠭ ᠨᠡᠯᠦᠶ᠋ᠢᠨ ᠨᠡᠯᠦᠶ᠋ᠢᠭᠰᠡᠨ

ᠠᠶ᠋ᠢᠷᠠᠭ ᠰᠦ᠋ ᠴᠠᠯᠭᠢᠨ ᠴᠠᠯᠭᠢᠬᠰᠠᠨ

ᠠᠮᠲᠠᠲᠤ ᠰᠠᠷᠬᠤᠳ ᠰᠥᠩᠨᠡᠨ ᠰᠦᠩᠨᠡᠭᠰᠡᠨ

ᠮᠢᠨᠦ ᠮᠣᠩᠭᠣᠯ ᠣᠷᠣᠨ

 

ᠭᠠᠩᠭᠠᠩ ᠪᠠᠶ᠋ᠢᠭᠠᠯᠢ ᠎ᠪᠠᠨ ᠳᠡᠷᠪᠡᠭᠦᠯᠦᠨ ᠬᠥᠭᠵᠢᠮᠳᠡᠭᠰᠡᠨ

ᠭᠠᠩᠭᠠᠷ ᠭᠣᠩᠭᠠᠷ ᠭᠠᠯᠠᠭᠤᠳ ‍ᠤᠨ ᠡᠬᠡᠰᠢᠭ

ᠭᠠᠵᠠᠷ ᠤᠰᠤ ᠎ᠪᠠᠨ ᠦᠭᠡᠶ᠋ᠢᠯᠡᠨ ᠰᠠᠨᠠᠭᠰᠠᠨ

ᠭᠠᠯᠪᠠ ᠤᠶᠠᠷᠠᠮ᠎ᠠ ᠠᠷᠠᠳ ‍ᠤᠨ ᠳᠠᠭᠤᠤ

ᠮᠢᠨᠦ ᠮᠣᠩᠭᠣᠯ ᠣᠷᠣᠨ

 

ᠮᠠᠨᠳᠤᠬᠤ ᠨᠠᠷᠠ ᠰᠢᠬ ᠡᠭᠡᠯᠢᠲᠡᠢ ᠰᠠᠶ᠋ᠢᠬᠠᠨ

ᠮᠥᠩᠬᠡ ᠣᠷᠣᠰᠢᠬᠤ ᠳᠤᠯᠠᠭᠠᠬᠠᠨ ᠥᠯᠥᠭᠡᠢ

ᠮᠥᠯᠬᠥᠵᠦ ᠥᠰᠦᠭᠰᠡᠨ ᠭᠠᠵᠠᠷ ᠤᠰᠤᠨ

ᠮᠥᠷᠥᠭᠡᠳᠦᠯ ᠬᠠᠶ᠋ᠢᠷ᠎ᠠ ‍ᠶ᠋ᠢᠨ ᠳᠠᠷᠬᠠᠨ ᠣᠷᠣᠨ

ᠮᠢᠨᠦ ᠮᠣᠩᠭᠣᠯ ᠣᠷᠣᠨ ᠮᠢᠨᠦ